Paper Information


Title ᠮᠣᠩ᠌ᠭᠣᠯᠴᠤᠳ ᠤᠨ ᠵᠤᠬᠢᠶᠠᠨ ᠲᠤᠭᠤᠷᠪᠢᠬᠤᠢ ᠭᠤᠤ᠎ᠠ ᠰᠠᠶᠢᠬᠠᠨ ᠤ ᠤᠨᠤᠯ ᠤᠨ ᠮᠦᠷᠳᠡᠯᠭᠡ — 《ᠲᠡᠭᠷᠢ ᠶᠢᠨ ᠤᠷᠠᠨ》᠋ ᠤ ᠲᠤᠬᠠᠢ
Creator ᠮᠦᠩᠭᠦᠨᠴᠢᠮᠡᠭ
Keyword ᠲᠡᠭᠷᠢ ᠶᠢᠨ ᠤᠷᠠᠨ; ᠦᠢᠯᠡᠳᠪᠦᠷᠢᠯᠡᠯ ᠦᠨ ᠠᠷᠭ᠎ᠠ ᠬᠡᠯᠪᠡᠷᠢ; ᠪᠦᠬᠡ ᠰᠢᠲᠦᠯᠭᠡ
Abstract ᠦᠨᠳᠦᠰᠦᠲᠡᠨ ᠪᠦᠷᠢ ᠶᠢᠨ ᠤᠳᠬ᠎ᠠ ᠵᠤᠬᠢᠶᠠᠯ ᠤᠨ ᠤᠨᠤᠯ ᠨᠢ ᠶᠡᠷᠦᠩᠬᠡᠢ ᠤᠳᠬ᠎ᠠ ᠵᠤᠬᠢᠶᠠᠯ ᠤᠨ ᠤᠨᠤᠯ ᠳᠤ ᠨᠡᠶᠢᠴᠡᠬᠦ ᠨᠡᠶᠢᠲᠡᠯᠢᠭ ᠰᠢᠨᠵᠢ ᠲᠡᠢ ᠠᠲᠠᠯ᠎ᠠ ᠪᠠᠰᠠ ᠦᠪᠡᠷᠮᠢᠴᠡ ᠰᠢᠨᠵᠢ ᠲᠡᠢ ᠪᠠᠶᠢᠳᠠᠭ᠃ ᠤᠳᠬ᠎ᠠ ᠵᠤᠬᠢᠶᠠᠯ ᠤᠨ ᠤᠨᠤᠯ ᠤᠨ ᠲᠤᠬᠠᠢ ᠮᠣᠩ᠌ᠭᠣᠯᠴᠤᠳ ᠤᠨ ᠦᠵᠡᠯᠲᠡ ᠳᠤᠷᠠᠳᠤᠯᠲᠠ ᠨᠢ ᠴᠤ ᠮᠦᠨ ᠶᠡᠷᠦᠩᠬᠡᠢ ᠤᠳᠬ᠎ᠠ ᠵᠤᠬᠢᠶᠠᠯ ᠤᠨ ᠤᠨᠤᠯ ᠳᠤ ᠨᠡᠶᠢᠴᠡᠬᠦ ᠨᠡᠶᠢᠲᠡᠯᠢᠭ ᠰᠢᠨᠵᠢ ᠲᠡᠢ ᠪᠦᠭᠡᠲᠡᠯ᠎ᠡ ᠦᠪᠡᠷᠮᠢᠴᠡ ᠰᠢᠨᠵᠢ ᠲᠡᠢ ᠪᠠᠶᠢᠨ᠎ᠠ᠃ ᠡᠨᠡ ᠬᠦ ᠦᠪᠡᠷᠮᠢᠴᠡ ᠰᠢᠨᠵᠢ ᠨᠢ 《ᠲᠡᠭᠷᠢ ᠶᠢᠨ ᠤᠷᠠᠨ ᠢ ᠵᠢᠷᠤᠮᠯᠠᠬᠤ》ᠤᠨᠤᠯ ᠤᠨ ᠳᠤᠷᠠᠳᠤᠯᠲᠠ ᠳᠤ ᠬᠤᠷᠴᠠ ᠲᠤᠳᠤ ᠢᠯᠡᠷᠡᠵᠦ ᠪᠠᠶᠢᠳᠠᠭ᠃ ᠲᠤᠰ ᠦᠭᠦᠯᠡᠯ ᠳᠦ ᠡᠨᠡ ᠬᠦ ᠳᠤᠷᠠᠳᠤᠯᠲᠠ ᠶᠢᠨ ᠪᠤᠢ ᠪᠤᠯᠤᠭᠰᠠᠨ ᠪᠠ ᠮᠣᠩ᠌ᠭᠣᠯᠴᠤᠳ ᠢᠩᠭᠢᠵᠦ ᠦᠵᠡᠵᠦ ᠲᠠᠨᠢᠳᠠᠭ ᠤᠨ ᠦᠨᠳᠦᠰᠦᠨ ᠰᠢᠯᠲᠠᠭᠠᠨ ᠨᠢ ᠦᠨᠳᠦᠰᠦᠲᠡᠨ ᠦ ᠤᠷᠤᠰᠢᠨ ᠠᠮᠢᠳᠤᠷᠠᠬᠤᠢ ᠶᠢᠨ ᠦᠨᠳᠦᠰᠦᠨ ᠪᠠᠲᠤᠯᠭ᠎ᠠ ᠪᠤᠯᠤᠭᠰᠠᠨ ᠦᠢᠯᠡᠳᠪᠦᠷᠢᠯᠡᠯ ᠦᠨ ᠠᠷᠭ᠎ᠠ ᠬᠡᠯᠪᠡᠷᠢ ᠳᠦ ᠪᠤᠢ ᠪᠦᠭᠡᠳ ᠮᠦᠨ ᠡᠭᠦᠨ ᠳᠦ ᠰᠠᠭᠤᠷᠢᠯᠠᠨ ᠪᠤᠢ ᠪᠤᠯᠤᠭᠰᠠᠨ ᠪᠦᠬᠡ ᠰᠢᠲᠦᠯᠭᠡ ᠶᠢᠨ ᠣᠨᠴᠠᠭᠠᠢ ᠭᠦᠨ ᠤᠬᠠᠭᠠᠨ ᠯᠤᠭ᠎ᠠ ᠬᠤᠯᠪᠤᠭ᠎ᠠ ᠲᠠᠢ᠃ ᠡᠨᠡ ᠨᠢ ᠮᠣᠩ᠌ᠭᠣᠯᠴᠤᠳ ᠤᠨ ᠭᠤᠤ᠎ᠠ ᠰᠠᠶᠢᠬᠠᠨ ᠤ ᠰᠤᠶᠤᠯ ᠰᠡᠳᠬᠢᠴᠡ ᠶᠢ ᠰᠢᠭᠤᠳ ᠨᠦᠯᠦᠭᠡᠯᠡᠭᠰᠡᠨ ᠡᠴᠡ ᠮᠣᠩᠭᠣᠯ ᠵᠤᠬᠢᠶᠠᠯ ᠤᠨ ᠤᠨᠤᠯ ᠪᠤᠰᠤᠳ ᠦᠨᠳᠦᠰᠦᠲᠡᠨ ᠦ ᠤᠳᠬ᠎ᠠ ᠵᠤᠬᠢᠶᠠᠯ ᠤᠨ ᠤᠨᠤᠯ ᠠᠴᠠ ᠢᠯᠭᠠᠭᠳᠠᠬᠤ ᠶᠢᠨ ᠦᠨᠳᠦᠰᠦᠨ ᠰᠢᠯᠲᠠᠭᠠᠨ ᠪᠤᠯᠵᠠᠢ ᠭᠡᠰᠡᠨ ᠦᠵᠡᠯᠲᠡ ᠶᠢ ᠳᠡᠪᠰᠢᠭᠦᠯᠪᠡ᠃
Original Literature View Original Paper
出自 内蒙古社会科学(蒙文版) 2006年 第4期

联系我们


内蒙古大学图书馆
呼和浩特市大学西路235号
中国·内蒙古
P: (0471) 4992561
E: huangfeilong@imu.edu.cn