Title |
ᠮᠣᠩ᠌ᠭᠣᠯᠴᠤᠳ ᠤᠨ ᠵᠤᠬᠢᠶᠠᠨ ᠲᠤᠭᠤᠷᠪᠢᠬᠤᠢ ᠭᠤᠤ᠎ᠠ ᠰᠠᠶᠢᠬᠠᠨ ᠤ ᠤᠨᠤᠯ ᠤᠨ ᠮᠦᠷᠳᠡᠯᠭᠡ — 《ᠲᠡᠭᠷᠢ ᠶᠢᠨ ᠤᠷᠠᠨ》᠋ ᠤ ᠲᠤᠬᠠᠢ |
Creator |
ᠮᠦᠩᠭᠦᠨᠴᠢᠮᠡᠭ |
Keyword |
ᠲᠡᠭᠷᠢ ᠶᠢᠨ ᠤᠷᠠᠨ; ᠦᠢᠯᠡᠳᠪᠦᠷᠢᠯᠡᠯ ᠦᠨ ᠠᠷᠭ᠎ᠠ ᠬᠡᠯᠪᠡᠷᠢ; ᠪᠦᠬᠡ ᠰᠢᠲᠦᠯᠭᠡ |
Abstract |
ᠦᠨᠳᠦᠰᠦᠲᠡᠨ ᠪᠦᠷᠢ ᠶᠢᠨ ᠤᠳᠬ᠎ᠠ ᠵᠤᠬᠢᠶᠠᠯ ᠤᠨ ᠤᠨᠤᠯ ᠨᠢ ᠶᠡᠷᠦᠩᠬᠡᠢ ᠤᠳᠬ᠎ᠠ ᠵᠤᠬᠢᠶᠠᠯ ᠤᠨ ᠤᠨᠤᠯ ᠳᠤ ᠨᠡᠶᠢᠴᠡᠬᠦ ᠨᠡᠶᠢᠲᠡᠯᠢᠭ ᠰᠢᠨᠵᠢ ᠲᠡᠢ ᠠᠲᠠᠯ᠎ᠠ ᠪᠠᠰᠠ ᠦᠪᠡᠷᠮᠢᠴᠡ ᠰᠢᠨᠵᠢ ᠲᠡᠢ ᠪᠠᠶᠢᠳᠠᠭ᠃ ᠤᠳᠬ᠎ᠠ ᠵᠤᠬᠢᠶᠠᠯ ᠤᠨ ᠤᠨᠤᠯ ᠤᠨ ᠲᠤᠬᠠᠢ ᠮᠣᠩ᠌ᠭᠣᠯᠴᠤᠳ ᠤᠨ ᠦᠵᠡᠯᠲᠡ ᠳᠤᠷᠠᠳᠤᠯᠲᠠ ᠨᠢ ᠴᠤ ᠮᠦᠨ ᠶᠡᠷᠦᠩᠬᠡᠢ ᠤᠳᠬ᠎ᠠ ᠵᠤᠬᠢᠶᠠᠯ ᠤᠨ ᠤᠨᠤᠯ ᠳᠤ ᠨᠡᠶᠢᠴᠡᠬᠦ ᠨᠡᠶᠢᠲᠡᠯᠢᠭ ᠰᠢᠨᠵᠢ ᠲᠡᠢ ᠪᠦᠭᠡᠲᠡᠯᠡ ᠦᠪᠡᠷᠮᠢᠴᠡ ᠰᠢᠨᠵᠢ ᠲᠡᠢ ᠪᠠᠶᠢᠨ᠎ᠠ᠃ ᠡᠨᠡ ᠬᠦ ᠦᠪᠡᠷᠮᠢᠴᠡ ᠰᠢᠨᠵᠢ ᠨᠢ 《ᠲᠡᠭᠷᠢ ᠶᠢᠨ ᠤᠷᠠᠨ ᠢ ᠵᠢᠷᠤᠮᠯᠠᠬᠤ》ᠤᠨᠤᠯ ᠤᠨ ᠳᠤᠷᠠᠳᠤᠯᠲᠠ ᠳᠤ ᠬᠤᠷᠴᠠ ᠲᠤᠳᠤ ᠢᠯᠡᠷᠡᠵᠦ ᠪᠠᠶᠢᠳᠠᠭ᠃ ᠲᠤᠰ ᠦᠭᠦᠯᠡᠯ ᠳᠦ ᠡᠨᠡ ᠬᠦ ᠳᠤᠷᠠᠳᠤᠯᠲᠠ ᠶᠢᠨ ᠪᠤᠢ ᠪᠤᠯᠤᠭᠰᠠᠨ ᠪᠠ ᠮᠣᠩ᠌ᠭᠣᠯᠴᠤᠳ ᠢᠩᠭᠢᠵᠦ ᠦᠵᠡᠵᠦ ᠲᠠᠨᠢᠳᠠᠭ ᠤᠨ ᠦᠨᠳᠦᠰᠦᠨ ᠰᠢᠯᠲᠠᠭᠠᠨ ᠨᠢ ᠦᠨᠳᠦᠰᠦᠲᠡᠨ ᠦ ᠤᠷᠤᠰᠢᠨ ᠠᠮᠢᠳᠤᠷᠠᠬᠤᠢ ᠶᠢᠨ ᠦᠨᠳᠦᠰᠦᠨ ᠪᠠᠲᠤᠯᠭ᠎ᠠ ᠪᠤᠯᠤᠭᠰᠠᠨ ᠦᠢᠯᠡᠳᠪᠦᠷᠢᠯᠡᠯ ᠦᠨ ᠠᠷᠭ᠎ᠠ ᠬᠡᠯᠪᠡᠷᠢ ᠳᠦ ᠪᠤᠢ ᠪᠦᠭᠡᠳ ᠮᠦᠨ ᠡᠭᠦᠨ ᠳᠦ ᠰᠠᠭᠤᠷᠢᠯᠠᠨ ᠪᠤᠢ ᠪᠤᠯᠤᠭᠰᠠᠨ ᠪᠦᠬᠡ ᠰᠢᠲᠦᠯᠭᠡ ᠶᠢᠨ ᠣᠨᠴᠠᠭᠠᠢ ᠭᠦᠨ ᠤᠬᠠᠭᠠᠨ ᠯᠤᠭ᠎ᠠ ᠬᠤᠯᠪᠤᠭ᠎ᠠ ᠲᠠᠢ᠃ ᠡᠨᠡ ᠨᠢ ᠮᠣᠩ᠌ᠭᠣᠯᠴᠤᠳ ᠤᠨ ᠭᠤᠤ᠎ᠠ ᠰᠠᠶᠢᠬᠠᠨ ᠤ ᠰᠤᠶᠤᠯ ᠰᠡᠳᠬᠢᠴᠡ ᠶᠢ ᠰᠢᠭᠤᠳ ᠨᠦᠯᠦᠭᠡᠯᠡᠭᠰᠡᠨ ᠡᠴᠡ ᠮᠣᠩᠭᠣᠯ ᠵᠤᠬᠢᠶᠠᠯ ᠤᠨ ᠤᠨᠤᠯ ᠪᠤᠰᠤᠳ ᠦᠨᠳᠦᠰᠦᠲᠡᠨ ᠦ ᠤᠳᠬ᠎ᠠ ᠵᠤᠬᠢᠶᠠᠯ ᠤᠨ ᠤᠨᠤᠯ ᠠᠴᠠ ᠢᠯᠭᠠᠭᠳᠠᠬᠤ ᠶᠢᠨ ᠦᠨᠳᠦᠰᠦᠨ ᠰᠢᠯᠲᠠᠭᠠᠨ ᠪᠤᠯᠵᠠᠢ ᠭᠡᠰᠡᠨ ᠦᠵᠡᠯᠲᠡ ᠶᠢ ᠳᠡᠪᠰᠢᠭᠦᠯᠪᠡ᠃ |
Original Literature |
View Original Paper
|
出自 |
内蒙古社会科学(蒙文版)
2006年
第4期
|