Title |
ᠣᠢᠭᠤᠷᠵᠢᠨ ᠮᠣᠩᠭᠤᠯ ᠦᠰᠦᠭ ᠦᠨ ᠺᠤᠳ᠋ ᠲᠡᠢ ᠬᠤᠯᠪᠤᠭᠳᠠᠬᠤ ᠬᠡᠳᠦᠨ ᠠᠰᠠᠭᠤᠳᠠᠯ (ᠨᠢᠭᠡ) |
Creator |
ᠴᠤᠢ᠌ᠵᠤᠩᠵᠠᠪ |
Keyword |
ᠣᠢᠭᠤᠷᠵᠢᠨ ᠮᠣᠩᠭᠤᠯ ᠦᠰᠦᠭ; ᠺᠤᠳ᠋; ᠣᠢᠭᠤᠷᠵᠢᠨ ᠮᠣᠩᠭᠤᠯ ᠦᠰᠦᠭ ᠦᠨ ᠲᠤᠭᠲᠠᠯᠴᠠᠭ᠎ᠠ |
Abstract |
ᠲᠤᠰ ᠦᠭᠦᠯᠡᠯ ᠳᠦ ᠣᠯᠠᠨ ᠤᠯᠤᠰ ᠤᠨ ᠪᠠᠷᠢᠮᠵᠢᠶᠠᠨ ᠳᠤ ᠨᠡᠢ᠌ᠴᠡᠭᠰᠡᠨ ᠣᠢ᠌ᠭᠤᠷᠵᠢᠨ ᠮᠣᠩ᠋ᠭᠤᠯ ᠦᠰᠦᠭ ᠦᠨ ᠺᠤᠳ᠋ ᠢ ᠪᠤᠯᠪᠠᠰᠤᠷᠠᠭᠤᠯᠬᠤ ᠠᠵᠢᠯ ᠲᠠᠢ ᠬᠤᠯᠪᠤᠭᠳᠠᠬᠤ ᠣᠨᠣᠯ᠂ ᠦᠢᠯᠡᠳᠦᠯᠭᠡ ᠶᠢᠨ ᠠᠰᠠᠭᠤᠳᠠᠯ ᠤᠳ ᠢ ᠠᠪᠴᠤ ᠶᠠᠷᠢᠯᠴᠠᠵᠠᠢ᠃ ᠴᠢᠩᠭᠢᠬᠦ ᠳᠡᠭᠡᠨ ᠨᠢᠭᠡ᠂ ᠬᠡᠷᠡᠭᠯᠡᠭᠡᠨ ᠳᠦ ᠣᠷᠤᠭᠰᠠᠨ ᠣᠢ᠌ᠭᠤᠷᠵᠢᠨ ᠮᠣᠩ᠋ᠭᠤᠯ ᠦᠰᠦᠭ ᠦᠨ ᠺᠤᠳ᠋ ᠤᠨ ᠪᠠᠢ᠌ᠳᠠᠯ; ᠬᠤᠶᠠᠷ᠂ ᠣᠢ᠌ᠭᠤᠷᠵᠢᠨ ᠮᠣᠩ᠋ᠭᠤᠯ ᠦᠰᠦᠭ ᠦᠨ ᠰᠢᠨ᠎ᠡ ᠺᠤᠳ᠋ ᠤᠨ ᠦᠨᠳᠦᠰᠦᠨ ᠱᠠᠭᠠᠷᠳᠠᠯᠭ᠎ᠠ; ᠭᠤᠷᠪᠠ᠂ ᠣᠢ᠌ᠭᠤᠷᠵᠢᠨ ᠮᠣᠩ᠋ᠭᠤᠯ ᠦᠰᠦᠭ ᠦᠨ ᠺᠤᠳ᠋ ᠢ ᠰᠤᠳᠤᠯᠵᠤ ᠪᠤᠯᠪᠠᠰᠤᠷᠠᠭᠤᠯᠬᠤ ᠳᠤ ᠠᠩ᠋ᠬᠠᠷᠤᠭᠤᠰᠢᠲᠠᠢ ᠠᠰᠠᠭᠤᠳᠠᠯ ᠤᠳ; ᠳᠦᠷᠪᠡ᠂ ᠣᠢ᠌ᠭᠤᠷᠵᠢᠨ ᠮᠣᠩ᠋ᠭᠤᠯ ᠦᠰᠦᠭ ᠦᠨ ᠦᠰᠦᠭ ᠬᠤᠯᠪᠤᠬᠤ ᠪᠢᠴᠢᠯᠭᠡ ᠶᠢᠨ ᠲᠤᠬᠠᠢ ᠬᠡᠳᠦᠨ ᠵᠤᠢ᠌ᠯ; ᠲᠠᠪᠤ᠂ ᠣᠢ᠌ᠭᠤᠷᠵᠢᠨ ᠮᠣᠩ᠋ᠭᠤᠯ ᠦᠰᠦᠭ ᠦᠨ ᠺᠤᠳ᠋ ᠤᠨ ᠪᠠᠷᠢᠮᠲᠠᠯᠠᠬᠤ ᠦᠨᠳᠦᠰᠦᠨ ᠵᠠᠷᠴᠢᠮ; ᠵᠢᠷᠭᠤᠭ᠎ᠠ᠂ ᠣᠢ᠌ᠭᠤᠷᠵᠢᠨ ᠮᠣᠩ᠋ᠭᠤᠯ ᠦᠰᠦᠭ ᠦᠨ ᠺᠤᠳ᠋ ᠢ ᠰᠢᠨᠵᠢᠯᠡᠵᠦ ᠲᠤᠭᠲᠠᠭᠠᠬᠤ ᠳᠤ ᠠᠪᠬᠤ ᠠᠷᠭ᠎ᠠ ᠬᠡᠮᠵᠢᠶ᠎ᠡ; ᠳᠤᠯᠤᠭ᠎ᠠ᠂ ᠣᠢ᠌ᠭᠤᠷᠵᠢᠨ ᠮᠣᠩ᠋ᠭᠤᠯ ᠦᠰᠦᠭ ᠦᠨ ᠺᠤᠳ᠋ ᠢ ᠪᠤᠯᠪᠠᠰᠤᠷᠠᠭᠤᠯᠬᠤ ᠳᠤ ᠲᠤᠬᠢᠷᠠᠯᠳᠤᠭᠰᠠᠨ ᠡᠷᠳᠡᠮᠲᠡᠳ ᠦᠨ ᠠᠳᠠᠯᠢ ᠪᠤᠰᠤ ᠰᠠᠨᠠᠯ ᠤᠳ ᠬᠢᠭᠡᠳ ᠮᠠᠨ ᠤ ᠰᠠᠨᠠᠯ᠄ (ᠨᠢᠭᠡ) ᠣᠢ᠌ᠭᠤᠷᠵᠢᠨ ᠮᠣᠩ᠋ᠭᠤᠯ ᠦᠰᠦᠭ ᠦᠨ ᠲᠤᠭᠲᠠᠯᠴᠠᠭ᠎ᠠ ᠲᠠᠢ ᠬᠤᠯᠪᠤᠭᠳᠠᠬᠤ ᠬᠡᠳᠦᠨ ᠵᠤᠢ᠌ᠯ; (ᠬᠤᠶᠠᠷ) ᠳᠦᠷᠰᠦ ᠠᠳᠠᠯᠢ᠂ ᠳᠠᠭᠤᠳᠠᠯᠭ᠎ᠠ ᠦᠭᠡᠷ᠎ᠡ ᠦᠰᠦᠭ ᠦᠳ; (ᠭᠤᠷᠪᠠ) ᠵᠦᠪ ᠪᠢᠴᠢᠬᠦ ᠳᠦᠷᠢᠮ ᠲᠡᠢ ᠬᠤᠯᠪᠤᠭᠳᠠᠬᠤ ᠬᠡᠳᠦᠨ ᠵᠤᠢ᠌ᠯ; (ᠳᠦᠷᠪᠡ) ᠦᠶ᠎ᠡ; (ᠲᠠᠪᠤ) ᠣᠢ᠌ᠭᠤᠷᠵᠢᠨ ᠮᠣᠩ᠋ᠭᠤᠯ ᠦᠰᠦᠭ ᠦᠨ ᠬᠤᠪᠢᠯᠪᠤᠷᠢ ᠨᠤᠭᠤᠳ ᠤᠨ ᠲᠤᠬᠠᠢ ᠰᠤᠳᠤᠯᠤᠨ ᠰᠢᠨᠵᠢᠯᠡᠵᠦ ᠪᠤᠳᠠᠲᠤ ᠰᠢᠢᠳᠪᠦᠷᠢᠯᠡᠬᠦ ᠰᠠᠨᠠᠯ ᠢᠶᠠᠨ ᠳᠤᠷᠠᠳᠤᠨ ᠭᠠᠷᠭᠠᠵᠠᠢ᠃ |
Original Literature |
View Original Paper
|
出自 |
内蒙古大学学报
2012年
第1期
|