Paper Information


Title ᠴᠠᠭᠠᠨᠨᠠᠭᠤᠷ ᠤᠨ ᠰᠠᠪᠠ ᠭᠠᠵᠠᠷ ᠰᠢᠷᠦᠢ ᠶᠢᠨ ᠠᠰᠢᠭᠯᠠᠯᠲᠠ ᠶᠢᠨ ᠬᠦᠳᠡᠯᠦᠩᠭᠦᠢ ᠬᠤᠪᠢᠷᠠᠯᠲᠠ ᠶᠢᠨ ᠵᠠᠳᠠᠯᠤᠯᠲᠠ
Creator ᠬᠦᠬᠡᠳᠠᠯᠠᠢ; ᠴᠦᠨ ᠰᠢ
Keyword ᠴᠠᠭᠠᠨᠨᠠᠭᠤᠷ; ᠭᠠᠵᠠᠷ ᠰᠢᠷᠦᠢ ᠶᠢᠨ ᠠᠰᠢᠭᠯᠠᠯᠲᠠ; ᠬᠦᠳᠡᠯᠦᠩᠭᠦᠢ ᠬᠤᠪᠢᠷᠠᠯᠲᠠ
Abstract ᠴᠠᠭᠠᠨᠨᠠᠭᠤᠷ ᠤᠨ ᠰᠠᠪᠠ ᠭᠠᠵᠠᠷ ᠨᠢ ᠬᠤᠯᠠᠨ ᠰᠢᠷᠭ᠎ᠠ ᠳᠠᠭ᠎ᠠ ᠡᠯᠡᠰᠦᠨ ᠭᠠᠵᠠᠷ ᠤᠨ ᠲᠦᠪ ᠬᠡᠰᠡᠭ ᠦᠨ ᠤᠯᠠᠷᠢᠯ ᠤᠨ ᠰᠠᠯᠬᠢᠨ ᠤ ᠵᠠᠬ᠎ᠠ ᠣᠷᠤᠨ ᠳᠤ ᠪᠠᠢᠷᠢᠯᠠᠵᠤ᠂ ᠠᠮᠢ ᠠᠬᠤᠢ ᠶᠢᠨ ᠣᠷᠴᠢᠨ ᠲᠤᠭᠤᠷᠢᠨ ᠲᠤᠢᠯ ᠤᠨ ᠬᠡᠪᠷᠡᠭ᠂ ᠠᠭᠤᠷ ᠠᠮᠢᠰᠬᠤᠯ ᠤᠨ ᠬᠤᠪᠢᠷᠠᠯᠲᠠ ᠪᠠ ᠬᠦᠮᠦᠨ ᠲᠦᠷᠦᠯᠬᠢᠲᠡᠨ ᠦ ᠠᠵᠢᠯᠯᠠᠭ᠎ᠠ ᠶᠢᠨ ᠨᠦᠯᠦᠭᠡ ᠳᠦ ᠲᠤᠢᠯ ᠤᠨ ᠰᠤᠷᠭᠤᠭ ᠪᠠᠢᠳᠠᠭ᠃ ᠲᠤᠰ ᠦᠭᠦᠯᠡᠯ ᠳᠦ 5 ᠬᠤᠭᠤᠴᠠᠭᠠᠨ ᠤ ᠠᠯᠤᠰ ᠰᠠᠷᠠᠯ ᠤᠨ ᠵᠢᠷᠤᠭ ᠪᠠ ᠪᠤᠳᠠᠲᠤ ᠭᠠᠵᠠᠷ ᠲᠤ ᠨᠢ ᠪᠠᠢᠴᠠᠭᠠᠯᠲᠠ ᠬᠢᠬᠦ ᠪᠡᠷ ᠳᠠᠮᠵᠢᠨ᠂ ᠴᠠᠭᠠᠨᠨᠠᠭᠤᠷ ᠤᠨ ᠰᠠᠪᠠ ᠭᠠᠵᠠᠷ ᠤᠨ ᠣᠢᠷ᠎ᠠ ᠶᠢᠨ 34 ᠵᠢᠯ ᠦᠨ ᠭᠠᠵᠠᠷ ᠰᠢᠷᠦᠢ ᠶᠢᠨ ᠠᠰᠢᠭᠯᠠᠯᠲᠠ᠂ ᠪᠦᠷᠬᠦᠴᠡ ᠶᠢᠨ ᠬᠦᠳᠡᠯᠦᠩᠭᠦᠢ ᠬᠤᠪᠢᠷᠠᠯᠲᠠ ᠶᠢ ᠰᠤᠳᠤᠯᠪᠠ᠃ ᠦᠷ᠎ᠡ ᠳ᠋ᠦᠩ ᠳᠦ᠂ ᠬᠠᠢᠯᠠᠰᠤᠨ ᠮᠤᠳᠤᠨ ᠰᠡᠢᠷᠡᠭ ᠣᠢ ᠶᠢᠨ ᠲᠠᠯᠠᠪᠠᠢ 1977 ᠣᠨ ᠤ 282.4km2 ᠪᠠᠢᠭᠰᠠᠨ ᠠᠴᠠ 2010 ᠣᠨ ᠳᠤ 2144.8km2 ᠪᠤᠯᠵᠤ᠂ ᠪᠠᠷᠤᠭ 680km2 ᠪᠠᠭᠠᠰᠴᠤ᠂ 2010 ᠣᠨ ᠤ ᠡᠯᠡᠰᠦᠨ ᠭᠠᠵᠠᠷ ᠤᠨ ᠲᠠᠯᠠᠪᠠᠢ ᠨᠢ 1977 ᠣᠨ ᠠᠴᠠ 350.4km2 ᠨᠡᠮᠡᠭᠳᠦᠭᠰᠡᠨ ᠪᠠᠢᠨ᠎ᠠ᠃ ᠣᠷᠴᠢᠨ ᠲᠤᠭᠤᠷᠢᠨ ᠤ ᠬᠤᠪᠢᠷᠠᠯᠲᠠ ᠳᠤ ᠰᠤᠷᠭᠤᠭ ᠪᠠᠢᠳᠠᠭ ᠤᠰᠤᠨ ᠣᠷᠤᠨ᠂ ᠨᠠᠮᠤᠭ ᠭᠠᠵᠠᠷ ᠤᠨ ᠲᠠᠯᠠᠪᠠᠢ ᠦᠷᠭᠦᠯᠵᠢᠯᠡᠨ ᠪᠠᠭᠠᠰᠴᠤ᠂ ᠪᠠᠭᠠᠰᠤᠭᠰᠠᠨ ᠦᠷᠭᠡᠴᠡ (幅度) ᠨᠢ ᠲᠤᠰ ᠪᠦᠷᠢ 56% ᠬᠦᠷᠴᠦ᠂ ᠬᠤᠵᠢᠷᠯᠢᠭ᠌ ᠭᠠᠵᠠᠷ ᠨᠢ 35.8% ᠢᠶᠠᠷ ᠨᠡᠮᠡᠭᠳᠡᠵᠡᠢ᠃ ᠬᠡᠭᠡᠷ᠎ᠡ ᠲᠠᠯ᠎ᠠ ᠶᠢᠨ ᠶᠡᠷᠦᠩᠬᠡᠢ ᠲᠠᠯᠠᠪᠠᠢ ᠦᠷᠭᠦᠯᠵᠢᠯᠡᠨ ᠨᠡᠮᠡᠭᠳᠡᠵᠦ ᠪᠠᠢᠪᠠᠴᠤ᠂ ᠦᠨᠳᠦᠷ ᠪᠦᠷᠬᠦᠴᠡᠲᠦ ᠬᠡᠭᠡᠷ᠎ᠡ ᠲᠠᠯ᠎ᠠ ᠨᠢ 173.2km2 ᠪᠠᠭᠠᠰᠴᠤ᠂ ᠳᠤᠮᠳᠠ ᠪᠠ ᠳᠤᠤᠷ᠎ᠠ ᠪᠦᠷᠬᠦᠴᠡᠲᠦ ᠬᠡᠭᠡᠷ᠎ᠡ ᠲᠠᠯ᠎ᠠ ᠨᠢ 541km2 ᠪᠠ 148.7km2 ᠨᠡᠮᠡᠭᠳᠡᠵᠡᠢ᠃ 2000 ᠣᠨ ᠠᠴᠠ ᠰᠡᠭᠦᠯᠡᠷ ᠰᠤᠳᠤᠯᠬᠤ ᠣᠷᠤᠨ ᠤ ᠠᠮᠢ ᠠᠬᠤᠢ ᠶᠢᠨ ᠣᠷᠴᠢᠨ ᠲᠤᠭᠤᠷᠢᠨ ᠰᠠᠢᠵᠢᠷᠠᠬᠤ ᠰᠢᠨᠵᠢ ᠲᠡᠢ ᠪᠤᠯᠪᠠᠴᠤ᠂ ᠣᠢᠲᠤ ᠭᠠᠵᠠᠷ᠂ ᠤᠰᠤᠨ ᠣᠷᠤᠨ᠂ ᠨᠠᠮᠤᠭ ᠭᠠᠵᠠᠷ᠂ ᠣᠢᠲᠤ ᠭᠠᠵᠠᠷ ᠤᠨ ᠪᠠᠭᠠᠰᠬᠤ ᠬᠠᠨᠳᠤᠰᠢ ᠨᠢ ᠪᠠᠰᠠ ᠲᠤᠯᠪᠤᠷᠢᠲᠠᠢ ᠬᠤᠪᠢᠷᠠᠯᠲᠠ ᠭᠠᠷᠤᠭᠠᠳᠤᠢ᠃
Original Literature No Original Paper
出自 内蒙古师范大学学报(自然科学蒙古文版) 2012年 第4期

联系我们


内蒙古大学图书馆
呼和浩特市大学西路235号
中国·内蒙古
P: (0471) 4992561
E: huangfeilong@imu.edu.cn