Title |
ᠴᠠᠭᠠᠨᠨᠠᠭᠤᠷ ᠤᠨ ᠰᠠᠪᠠ ᠭᠠᠵᠠᠷ ᠰᠢᠷᠦᠢ ᠶᠢᠨ ᠠᠰᠢᠭᠯᠠᠯᠲᠠ ᠶᠢᠨ ᠬᠦᠳᠡᠯᠦᠩᠭᠦᠢ ᠬᠤᠪᠢᠷᠠᠯᠲᠠ ᠶᠢᠨ ᠵᠠᠳᠠᠯᠤᠯᠲᠠ |
Creator |
ᠬᠦᠬᠡᠳᠠᠯᠠᠢ; ᠴᠦᠨ ᠰᠢ |
Keyword |
ᠴᠠᠭᠠᠨᠨᠠᠭᠤᠷ; ᠭᠠᠵᠠᠷ ᠰᠢᠷᠦᠢ ᠶᠢᠨ ᠠᠰᠢᠭᠯᠠᠯᠲᠠ; ᠬᠦᠳᠡᠯᠦᠩᠭᠦᠢ ᠬᠤᠪᠢᠷᠠᠯᠲᠠ |
Abstract |
ᠴᠠᠭᠠᠨᠨᠠᠭᠤᠷ ᠤᠨ ᠰᠠᠪᠠ ᠭᠠᠵᠠᠷ ᠨᠢ ᠬᠤᠯᠠᠨ ᠰᠢᠷᠭ᠎ᠠ ᠳᠠᠭ᠎ᠠ ᠡᠯᠡᠰᠦᠨ ᠭᠠᠵᠠᠷ ᠤᠨ ᠲᠦᠪ ᠬᠡᠰᠡᠭ ᠦᠨ ᠤᠯᠠᠷᠢᠯ ᠤᠨ ᠰᠠᠯᠬᠢᠨ ᠤ ᠵᠠᠬ᠎ᠠ ᠣᠷᠤᠨ ᠳᠤ ᠪᠠᠢᠷᠢᠯᠠᠵᠤ᠂ ᠠᠮᠢ ᠠᠬᠤᠢ ᠶᠢᠨ ᠣᠷᠴᠢᠨ ᠲᠤᠭᠤᠷᠢᠨ ᠲᠤᠢᠯ ᠤᠨ ᠬᠡᠪᠷᠡᠭ᠂ ᠠᠭᠤᠷ ᠠᠮᠢᠰᠬᠤᠯ ᠤᠨ ᠬᠤᠪᠢᠷᠠᠯᠲᠠ ᠪᠠ ᠬᠦᠮᠦᠨ ᠲᠦᠷᠦᠯᠬᠢᠲᠡᠨ ᠦ ᠠᠵᠢᠯᠯᠠᠭ᠎ᠠ ᠶᠢᠨ ᠨᠦᠯᠦᠭᠡ ᠳᠦ ᠲᠤᠢᠯ ᠤᠨ ᠰᠤᠷᠭᠤᠭ ᠪᠠᠢᠳᠠᠭ᠃ ᠲᠤᠰ ᠦᠭᠦᠯᠡᠯ ᠳᠦ 5 ᠬᠤᠭᠤᠴᠠᠭᠠᠨ ᠤ ᠠᠯᠤᠰ ᠰᠠᠷᠠᠯ ᠤᠨ ᠵᠢᠷᠤᠭ ᠪᠠ ᠪᠤᠳᠠᠲᠤ ᠭᠠᠵᠠᠷ ᠲᠤ ᠨᠢ ᠪᠠᠢᠴᠠᠭᠠᠯᠲᠠ ᠬᠢᠬᠦ ᠪᠡᠷ ᠳᠠᠮᠵᠢᠨ᠂ ᠴᠠᠭᠠᠨᠨᠠᠭᠤᠷ ᠤᠨ ᠰᠠᠪᠠ ᠭᠠᠵᠠᠷ ᠤᠨ ᠣᠢᠷ᠎ᠠ ᠶᠢᠨ 34 ᠵᠢᠯ ᠦᠨ ᠭᠠᠵᠠᠷ ᠰᠢᠷᠦᠢ ᠶᠢᠨ ᠠᠰᠢᠭᠯᠠᠯᠲᠠ᠂ ᠪᠦᠷᠬᠦᠴᠡ ᠶᠢᠨ ᠬᠦᠳᠡᠯᠦᠩᠭᠦᠢ ᠬᠤᠪᠢᠷᠠᠯᠲᠠ ᠶᠢ ᠰᠤᠳᠤᠯᠪᠠ᠃ ᠦᠷ᠎ᠡ ᠳ᠋ᠦᠩ ᠳᠦ᠂ ᠬᠠᠢᠯᠠᠰᠤᠨ ᠮᠤᠳᠤᠨ ᠰᠡᠢᠷᠡᠭ ᠣᠢ ᠶᠢᠨ ᠲᠠᠯᠠᠪᠠᠢ 1977 ᠣᠨ ᠤ 282.4km2 ᠪᠠᠢᠭᠰᠠᠨ ᠠᠴᠠ 2010 ᠣᠨ ᠳᠤ 2144.8km2 ᠪᠤᠯᠵᠤ᠂ ᠪᠠᠷᠤᠭ 680km2 ᠪᠠᠭᠠᠰᠴᠤ᠂ 2010 ᠣᠨ ᠤ ᠡᠯᠡᠰᠦᠨ ᠭᠠᠵᠠᠷ ᠤᠨ ᠲᠠᠯᠠᠪᠠᠢ ᠨᠢ 1977 ᠣᠨ ᠠᠴᠠ 350.4km2 ᠨᠡᠮᠡᠭᠳᠦᠭᠰᠡᠨ ᠪᠠᠢᠨ᠎ᠠ᠃ ᠣᠷᠴᠢᠨ ᠲᠤᠭᠤᠷᠢᠨ ᠤ ᠬᠤᠪᠢᠷᠠᠯᠲᠠ ᠳᠤ ᠰᠤᠷᠭᠤᠭ ᠪᠠᠢᠳᠠᠭ ᠤᠰᠤᠨ ᠣᠷᠤᠨ᠂ ᠨᠠᠮᠤᠭ ᠭᠠᠵᠠᠷ ᠤᠨ ᠲᠠᠯᠠᠪᠠᠢ ᠦᠷᠭᠦᠯᠵᠢᠯᠡᠨ ᠪᠠᠭᠠᠰᠴᠤ᠂ ᠪᠠᠭᠠᠰᠤᠭᠰᠠᠨ ᠦᠷᠭᠡᠴᠡ (幅度) ᠨᠢ ᠲᠤᠰ ᠪᠦᠷᠢ 56% ᠬᠦᠷᠴᠦ᠂ ᠬᠤᠵᠢᠷᠯᠢᠭ᠌ ᠭᠠᠵᠠᠷ ᠨᠢ 35.8% ᠢᠶᠠᠷ ᠨᠡᠮᠡᠭᠳᠡᠵᠡᠢ᠃ ᠬᠡᠭᠡᠷ᠎ᠡ ᠲᠠᠯ᠎ᠠ ᠶᠢᠨ ᠶᠡᠷᠦᠩᠬᠡᠢ ᠲᠠᠯᠠᠪᠠᠢ ᠦᠷᠭᠦᠯᠵᠢᠯᠡᠨ ᠨᠡᠮᠡᠭᠳᠡᠵᠦ ᠪᠠᠢᠪᠠᠴᠤ᠂ ᠦᠨᠳᠦᠷ ᠪᠦᠷᠬᠦᠴᠡᠲᠦ ᠬᠡᠭᠡᠷ᠎ᠡ ᠲᠠᠯ᠎ᠠ ᠨᠢ 173.2km2 ᠪᠠᠭᠠᠰᠴᠤ᠂ ᠳᠤᠮᠳᠠ ᠪᠠ ᠳᠤᠤᠷ᠎ᠠ ᠪᠦᠷᠬᠦᠴᠡᠲᠦ ᠬᠡᠭᠡᠷ᠎ᠡ ᠲᠠᠯ᠎ᠠ ᠨᠢ 541km2 ᠪᠠ 148.7km2 ᠨᠡᠮᠡᠭᠳᠡᠵᠡᠢ᠃ 2000 ᠣᠨ ᠠᠴᠠ ᠰᠡᠭᠦᠯᠡᠷ ᠰᠤᠳᠤᠯᠬᠤ ᠣᠷᠤᠨ ᠤ ᠠᠮᠢ ᠠᠬᠤᠢ ᠶᠢᠨ ᠣᠷᠴᠢᠨ ᠲᠤᠭᠤᠷᠢᠨ ᠰᠠᠢᠵᠢᠷᠠᠬᠤ ᠰᠢᠨᠵᠢ ᠲᠡᠢ ᠪᠤᠯᠪᠠᠴᠤ᠂ ᠣᠢᠲᠤ ᠭᠠᠵᠠᠷ᠂ ᠤᠰᠤᠨ ᠣᠷᠤᠨ᠂ ᠨᠠᠮᠤᠭ ᠭᠠᠵᠠᠷ᠂ ᠣᠢᠲᠤ ᠭᠠᠵᠠᠷ ᠤᠨ ᠪᠠᠭᠠᠰᠬᠤ ᠬᠠᠨᠳᠤᠰᠢ ᠨᠢ ᠪᠠᠰᠠ ᠲᠤᠯᠪᠤᠷᠢᠲᠠᠢ ᠬᠤᠪᠢᠷᠠᠯᠲᠠ ᠭᠠᠷᠤᠭᠠᠳᠤᠢ᠃ |
Original Literature |
No Original Paper
|
出自 |
内蒙古师范大学学报(自然科学蒙古文版)
2012年
第4期
|