Paper Information


Title 《ᠤᠯᠠᠭᠠᠨ ᠪᠠᠷᠰ》ᠰᠡᠳᠭᠦᠯ ᠪᠡ 《ᠰᠢᠨ᠎ᠡ ᠮᠣᠩ᠋ᠭᠤᠯ》 ᠰᠡᠳᠭᠦᠯ ᠦᠨ ᠨᠦᠯᠦᠭᠡ ᠦᠢᠯᠡᠳᠦᠯ ᠦᠨ ᠲᠤᠬᠠᠢ
Creator ᠣ‍᠂ ᠴᠡᠭᠢᠯᠦᠯ
Keyword 《ᠤᠯᠠᠭᠠᠨ ᠪᠠᠷᠰ》; 《ᠰᠢᠨ᠎ᠡ ᠮᠣᠩ᠋ᠭᠤᠯ》; ᠤᠳᠬ᠎ᠠ ᠰᠤᠶᠤᠯ
Abstract 《ᠤᠯᠠᠭᠠᠨ ᠪᠠᠷᠰ》ᠰᠡᠳᠭᠦᠯ ᠨᠢ 1927 ᠤᠨ ᠤ ᠡᠬᠢ ᠪᠡᠷ ᠠᠩ᠋ᠬ᠎ᠠ ᠬᠡᠪᠯᠡᠯ ᠡᠬᠢᠯᠡᠭᠰᠡᠨ ᠪᠡ ᠠᠷᠪᠠᠨ ᠵᠢᠯ ᠦᠨ ᠳᠠᠷᠠᠭ᠎ᠠ ᠠᠵᠢᠯ ᠢᠶᠠᠨ ᠵᠠᠯᠭᠠᠨ ᠦᠷᠨᠢᠭᠦᠯᠦᠭᠰᠡᠨ ᠪᠠᠢ᠌ᠪᠠ᠃ ᠲᠡᠷᠡ ᠪᠡᠷ ᠤᠳᠬ᠎ᠠ ᠰᠤᠶᠤᠯ ᠤᠨ ᠲᠤᠬᠠᠢ ᠤᠷᠠᠢ᠌ᠯᠠᠯ ᠳᠤᠷᠠᠳᠤᠯᠭ᠎ᠠ ᠦᠨᠳᠦᠰᠦᠲᠡ ᠤᠭᠰᠠᠭᠠᠲᠠᠨ ᠤ ᠮᠠᠨᠳᠤᠯ ᠬᠦᠭ᠍ᠵᠢᠯ ᠦᠨ ᠠᠷᠭ᠎ᠠ ᠵᠠᠮ ᠤᠨ ᠡᠷᠢᠯ ᠮᠦᠰᠬᠢᠯ᠂ ᠤᠳᠬ᠎ᠠ ᠵᠤᠬᠢᠶᠠᠯ ᠤᠨ ᠦᠢ᠌ᠯᠡᠰ ᠲᠦ ᠡᠷᠭᠦᠭ᠍ᠰᠡᠨ ᠰᠢᠨ᠎ᠡ ᠨᠡᠮᠡᠷᠢ ᠬᠠᠨᠳᠢᠪ᠂ ᠰᠢᠨ᠎ᠡ ᠵᠤᠬᠢᠶᠠᠯᠴᠢ ᠪᠢᠴᠢᠭ᠍ᠲᠡᠳ ᠢ ᠬᠦᠮᠦᠵᠢᠭᠦᠯᠦᠭᠰᠡᠨ ᠴᠢᠬᠤᠯᠠ ᠲᠠᠯᠠᠪᠤᠷ ᠵᠡᠷᠭᠡ ᠪᠡᠷ ᠢᠶᠡᠨ 20᠋ ᠳᠤᠭᠠᠷ ᠵᠠᠭᠤᠨ ᠤ ᠮᠣᠩ᠋ᠭᠤᠯ ᠤᠳᠬ᠎ᠠ ᠰᠤᠶᠤᠯ ᠤᠨ ᠨᠢᠭᠡᠨ ᠲᠤᠯᠭ᠎ᠠ ᠪᠠᠷ ᠲᠤᠭᠲᠠᠨᠢᠭᠰᠠᠨ ᠶᠤᠮ᠃ 《ᠰᠢᠨ᠎ᠡ ᠮᠣᠩ᠋ᠭᠤᠯ》ᠰᠡᠳᠭᠦᠯ ᠦᠨ ᠣᠷᠤᠰᠢᠨ ᠦᠷᠭᠦᠯᠵᠢᠯᠡᠭᠰᠡᠨ ᠬᠤᠭᠤᠴᠠᠭ᠎ᠠ ᠪᠠ ᠬᠡᠪᠯᠡᠵᠦ ᠲᠠᠷᠬᠠᠭᠠᠭᠰᠠᠨ ᠲᠤᠭ᠎ᠠ ᠨᠢ 《ᠤᠯᠠᠭᠠᠨ ᠪᠠᠷᠰ》᠋ ᠲᠤ ᠬᠦᠷᠬᠦ ᠦᠭᠡᠢ ᠪᠤᠯᠪᠠᠴᠤ ᠰᠢᠨ᠎ᠡ ᠰᠡᠳᠬᠢᠭᠦᠢ ᠲᠡᠢ ᠵᠤᠬᠢᠶᠠᠯ ᠪᠦᠲᠦᠭᠡᠯ᠂ ᠰᠢᠨ᠎ᠡ ᠮᠡᠳᠡᠯᠭᠡ ᠮᠡᠷᠭᠡᠵᠢᠯ᠂ ᠰᠢᠨ᠎ᠡ ᠰᠤᠷᠠᠭ ᠵᠠᠩᠭᠢ᠂ ᠰᠢᠨ᠎ᠡ ᠤᠳᠬ᠎ᠠ ᠰᠤᠶᠤᠯ ᠤᠨ ᠵᠤᠢ᠌ᠯᠡᠰ ᠢ ᠨᠡᠢ᠌ᠲᠡᠯᠡᠨ ᠦᠷᠨᠢᠭᠦᠯᠦᠭᠰᠡᠨ ᠣᠨᠴᠠᠭᠠᠢ ᠲᠠᠯ᠎ᠠ ᠪᠠᠷ ᠢᠶᠠᠨ ᠣᠷᠴᠢᠨ ᠦᠶ᠎ᠡ ᠶᠢᠨ ᠰᠤᠨᠢᠨ ᠰᠡᠳᠭᠦᠯ ᠪᠡ ᠤᠳᠬ᠎ᠠ ᠰᠤᠶᠤᠯ ᠤᠨ ᠶᠡᠬᠡ ᠦᠢ᠌ᠯᠡᠰ ᠲᠡᠬᠢ ᠤᠴᠢᠷ ᠲᠠᠢ ᠨᠢᠭᠡᠨ ᠲᠦᠪᠯᠡᠷᠡᠯ ᠦᠨ ᠴᠡᠭ ᠪᠤᠯᠤᠨ ᠦᠯᠡᠳᠡᠪᠡ᠃
Original Literature View Original Paper
出自 内蒙古社会科学(蒙文版) 2005年 第2期

联系我们


内蒙古大学图书馆
呼和浩特市大学西路235号
中国·内蒙古
P: (0471) 4992561
E: huangfeilong@imu.edu.cn