Paper Information


Title ᠮᠢᠶᠠᠽᠠᠺᠢ ᠬᠠᠶᠠᠤ ᠶᠢᠨ ᠪᠦᠲᠦᠭᠡᠯ ᠡᠴᠡ ᠶᠠᠫᠤᠨᠴᠤᠳ ᠤᠨ ᠪᠠᠢᠭᠠᠯᠢ ᠠᠮᠢ ᠠᠬᠤᠢ ᠶᠢᠨ ᠦᠵᠡᠯ ᠢ ᠰᠢᠨᠵᠢᠬᠦ ᠨᠢ
Creator ᠴᠡᠯᠡᠭᠡᠷ
Keyword ᠪᠠᠢᠭᠠᠯᠢ; ᠠᠮᠢ ᠠᠬᠤᠢ ᠶᠢᠨ ᠦᠵᠡᠯ ᠰᠠᠨᠠᠭ᠎ᠠ; ᠣᠢ ᠰᠢᠭᠤᠢ ᠶᠢᠨ ᠰᠤᠶᠤᠯ; ᠪᠤᠷᠬᠠᠨ ᠰᠠᠬᠢᠭᠤᠯᠰᠤᠨ
Abstract ᠶᠠᠫᠤᠨ ᠤ ᠰᠢᠯᠢᠳᠡᠭ ᠬᠡᠦᠬᠡᠯᠳᠡᠢ ᠵᠦᠴᠦᠭᠡ ᠶᠢᠨ ᠤᠳᠤᠷᠢᠳᠤᠭᠠᠴᠢ ᠮᠢᠶᠠᠽᠠᠺᠢ ᠬᠠᠶᠠᠤ 〔宫崎骏〕 ᠮᠠᠰᠢ ᠣᠯᠠᠨ ᠬᠦᠮᠦᠨ ᠪᠤᠯᠤᠨ ᠪᠠᠢᠭᠠᠯᠢ ᠶᠢᠨ ᠬᠤᠭᠤᠷᠤᠨᠳᠤᠬᠢ ᠬᠠᠷᠢᠴᠠᠭ᠎ᠠ ᠪᠠᠷ ᠰᠡᠳᠦᠪᠯᠡᠭᠰᠡᠨ ᠬᠡᠦᠬᠡᠯᠲᠡᠢ ᠵᠦᠴᠦᠭᠡ ᠶᠢ ᠵᠤᠬᠢᠶᠠᠨ ᠪᠦᠲᠦᠭᠡᠭᠰᠡᠨ ᠪᠠᠢᠳᠠᠭ᠃ ᠲᠡᠳᠡᠭᠡᠷ ᠪᠦᠲᠦᠭᠡᠯ ᠦᠳ ᠦᠨ ᠳᠤᠲᠤᠷ᠎ᠠ ᠠᠴᠠ ᠶᠠᠫᠤᠨᠴᠤᠳ ᠤᠨ ᠪᠠᠢᠭᠠᠯᠢ ᠠᠮᠢ ᠠᠬᠤᠢ ᠶᠢᠨ ᠦᠵᠡᠯ ᠢ ᠣᠯᠵᠤ ᠬᠠᠷᠠᠬᠤ ᠪᠤᠯᠤᠨ᠎ᠠ᠃ ᠲᠤᠬᠠᠢᠯᠠᠪᠠᠯ ᠶᠠᠫᠤᠨᠴᠤᠳ 《ᠣᠢ ᠮᠤᠳᠤ ᠪᠤᠯ ᠠᠮᠢᠳᠤ ᠪᠤᠳᠠᠰ ᠤᠨ ᠪᠡᠯᠭᠡ ᠲᠡᠮᠳᠡᠭ᠂ ᠪᠤᠷᠬᠠᠨ ᠰᠠᠬᠢᠭᠤᠯᠰᠠᠳ ᠤᠨ ᠣᠷᠤᠰᠢᠯ》 ᠬᠡᠮᠡᠨ ᠦᠵᠡᠳᠡᠭ᠃ ᠡᠢᠮᠦ ᠡᠴᠡ ᠣᠨᠴᠠᠭᠠᠢ ᠨᠢᠭᠡᠨ ᠵᠤᠢᠯ ᠤᠨ ᠣᠢ ᠮᠤᠳᠤᠨ ᠤ ᠰᠤᠶᠤᠯ ᠢ ᠪᠦᠷᠢᠯᠳᠦᠭᠦᠯᠦᠭᠰᠡᠨ ᠪᠠᠢᠳᠠᠭ᠃ ᠬᠦᠮᠦᠨ ᠲᠦᠷᠦᠯᠬᠢᠲᠡᠨ ᠪᠤᠯ ᠡᠬᠡ ᠪᠠᠢᠭᠠᠯᠢ ᠶᠢᠨ ᠨᠢᠭᠡᠨ ᠪᠦᠷᠢᠯᠳᠦᠭᠦᠨ ᠪᠦᠭᠡᠳ ᠡᠬᠡ ᠪᠠᠢᠭᠠᠯᠢ ᠶᠢᠨ ᠭᠤᠤᠯ ᠡᠷᠬᠡᠰᠢᠶᠡᠭᠴᠢ ᠬᠦᠴᠦᠨ ᠪᠤᠯᠤᠨ᠎ᠠ᠃ ᠪᠠᠢᠭᠠᠯᠢ ᠠᠮᠢ ᠠᠬᠤᠢ ᠶᠢᠨ ᠲᠡᠩᠴᠡᠭᠦᠷᠢ ᠶᠢ ᠪᠠᠲᠤᠯᠠᠵᠤ᠂ ᠡᠬᠡ ᠪᠠᠢᠭᠠᠯᠢ ᠯᠤᠭ᠎ᠠ ᠡᠶ᠎ᠡ ᠨᠠᠢᠷᠰᠠᠭ ᠬᠠᠷᠢᠴᠠᠭ᠎ᠠ ᠶᠢ ᠪᠤᠢ ᠪᠤᠯᠭᠠᠪᠠᠯ ᠰᠠᠶᠢ ᠡᠬᠢ ᠪᠠᠢᠭᠠᠯᠢ ᠲᠠᠢ ᠵᠤᠬᠢᠴᠠᠩᠭᠤᠢ ᠣᠷᠤᠰᠢᠵᠤ ᠴᠢᠳᠠᠨ᠎ᠠ᠃ ᠲᠡᠭᠡᠭᠡᠳ 《ᠣᠢ ᠮᠤᠳᠤ ᠡᠪᠡᠰᠦ ᠤᠷᠭᠤᠮᠠᠯ ᠢ ᠬᠠᠢᠷᠯᠠᠨ ᠬᠢᠮᠠᠭᠠᠳᠠᠬᠤ ᠨᠢ ᠮᠡᠷᠭᠡᠳ ᠦᠨ ᠶᠤᠰᠤ》 ᠭᠡᠬᠦ ᠦᠵᠡᠯ ᠰᠠᠨᠠᠭ᠎ᠠ ᠨᠢ ᠶᠠᠫᠤᠨᠴᠤᠳ ᠤᠨ ᠪᠠᠭᠠᠢᠯᠢ ᠪᠠᠨ ᠬᠦᠨᠳᠦᠳᠭᠡᠵᠦ ᠬᠠᠢᠷᠯᠠᠬᠤ ᠦᠨᠢᠳᠡ ᠶᠢᠨ ᠰᠤᠷᠭᠠᠯ ᠪᠤᠯᠵᠤ ᠲᠤᠭᠲᠠᠪᠤᠷᠢᠵᠢᠭᠰᠠᠨ ᠶᠤᠮ᠃ ᠲᠤᠰ ᠦᠭᠦᠯᠡᠯ ᠳᠦ ᠮᠢᠨᠽᠠᠺᠢ ᠬᠠᠶᠠᠤ ᠶᠢᠨ ᠲᠦᠯᠦᠭᠡᠯᠡᠭᠴᠢ ᠪᠦᠲᠦᠭᠡᠯ ᠦᠳ ᠢ ᠵᠠᠳᠠᠯᠤᠨ ᠦᠭᠦᠯᠡᠬᠦ ᠶᠢᠨ ᠳᠠᠭᠠᠤ᠂ ᠶᠠᠫᠤᠨᠴᠤᠳ ᠤᠨ ᠰᠤᠶᠤᠯ ᠷᠠᠨᠰᠢᠨ ᠪᠠ ᠰᠢᠲᠦᠯᠭᠡ ᠪᠢᠰᠢᠷᠡᠯ ᠡᠴᠡ ᠶᠠᠫᠤᠨ ᠬᠦᠮᠦᠨ ᠦ ᠪᠠᠢᠭᠠᠯᠢ ᠠᠮᠢ ᠠᠬᠤᠢ ᠦᠵᠡᠯ ᠢ ᠵᠠᠳᠠᠯᠵᠠᠢ᠃
Original Literature No Original Paper
出自 赤峰学院学报(蒙文哲学社会科学版) 2016年 第1期

联系我们


内蒙古大学图书馆
呼和浩特市大学西路235号
中国·内蒙古
P: (0471) 4992561
E: huangfeilong@imu.edu.cn