Paper Information


Title ᠮᠤᠩᠭᠤᠯ ᠬᠡᠯᠡᠨ ᠤ ᠦᠬᠦᠯᠡᠪᠤᠷᠢ ᠵᠦᠢ ᠶᠢᠨ ᠰᠤᠳᠤᠯᠤᠭᠳᠠᠬᠤᠨ ᠤ ᠲᠤᠬᠠᠢ
Creator ᠲᠡᠳᠭᠡ
Keyword ᠮᠤᠩᠭᠤᠯ ᠬᠡᠯᠨ ;ᠦᠬᠦᠯᠡᠪᠤᠷᠢ ᠵᠦᠢ ᠶᠢᠨ ᠰᠤᠳᠤᠯᠤᠭᠳᠠᠬᠤᠨ 
Abstract ᠲᠤᠰ ᠦᠬᠦᠯᠡᠯ ᠳᠤ ᠦᠬᠦᠯᠡᠪᠤᠷᠢ ᠵᠦᠢ ᠵᠢ ᠬᠡᠯᠡ ᠵᠦᠢ ᠶᠢᠨ ᠰᠢᠰᠲ᠋ᠸᠮ ᠳᠤ ᠭᠤᠤᠯᠯᠠᠬᠤ ᠪᠠᠢᠷᠢ ᠡᠵᠡᠯᠡᠨ᠎ᠠ ᠬᠡᠵᠦ ᠦᠵᠡᠭᠡᠳ᠂ ᠲᠡᠭᠦᠨ ᠢ ᠰᠤᠳᠤᠯᠬᠤ ᠳ᠋ᠠᠭᠠᠨ ᠲᠤᠭᠳᠠᠩᠭᠤᠢ ᠪᠦᠳᠤᠴᠡ ᠶᠢᠨ ᠴᠢᠭᠯᠡᠯ ᠪᠤᠯᠤᠨ ᠬᠠᠷᠢᠯᠴᠠᠭᠠᠨ ᠤ ᠴᠢᠭᠯᠡᠯ ᠶᠢᠡᠷ ᠰᠤᠳᠤᠯᠵᠦ ᠪᠤᠯᠤᠨ᠎ᠠ ᠬᠡᠪᠡ᠃ ᠦᠬᠦᠯᠡᠪᠤᠷᠢ ᠵᠦᠢ ᠵᠢ ᠪᠦᠳᠤᠴᠡ ᠶᠢᠨ ᠴᠢᠭᠯᠡᠯ ᠶᠢᠡᠷ ᠰᠤᠳᠤᠯᠬᠤ ᠳ᠋ᠠᠭᠠᠨ ᠬᠡᠯᠡᠨ ᠤ ᠲᠠᠰ ᠲᠠᠪᠬᠤᠷᠭᠠᠳᠤ ᠰᠢᠨᠵᠢ ᠪᠤᠯᠤᠨ ᠮᠤᠩᠭᠤᠯ ᠬᠡᠯᠡᠨ ᠤ ᠪᠦᠳᠤᠴᠡ ᠶᠢᠨ ᠵᠠᠬᠢᠷᠬᠤ ᠪᠤᠯᠤᠨ ᠬᠠᠷᠢᠴᠠᠭᠠᠨ ᠤ ᠤᠨᠴᠠᠯᠢᠭ ᠢ ᠦᠨᠳᠤᠰᠤᠯᠡᠨ ᠲᠡᠪᠤᠨ ᠵᠤᠢᠯ ᠤᠨ ᠨᠢᠭᠡᠴᠡ ᠵᠢ ᠬᠠᠮᠤᠷᠤᠨ ᠰᠤᠳᠤᠯᠪᠠ᠃ᠡᠬᠦᠨ ᠳᠤ ᠨᠠᠢᠯᠡᠮᠡᠯ ᠦᠬᠦᠯᠡᠪᠤᠷᠢ᠂ ᠦᠭᠦᠯᠡᠪᠤᠷᠢ᠂ ᠬᠤᠯᠪᠤᠭ᠎ᠠ ᠦᠭᠡ᠂ ᠦᠭᠡ ᠪᠡ ᠵᠢᠴᠢ ᠦᠭᠡ ᠬᠤᠪᠢᠯᠭᠠᠬᠤ ᠲᠠᠭᠠᠪᠤᠷᠢ ᠵᠢ ᠪᠠᠭᠳᠠᠭᠠᠪᠠ᠃ ᠲᠡᠭᠡᠬᠦ ᠳ᠋ᠡᠭᠡᠨ ᠡᠳᠡᠭᠡᠷ ᠨᠢᠭᠡᠴᠡ ᠨᠤᠬᠦᠳ ᠤᠨ ᠲᠤᠳᠤᠷ᠎ᠠ ᠡᠴᠨ ᠡᠬᠢᠨ ᠤ ᠭᠤᠷᠪᠠ ᠨᠢ ᠦᠬᠦᠯᠡᠪᠤᠷᠢ ᠵᠦᠢ ᠶᠢᠨ ᠦᠨᠳᠤᠰᠤᠨ ᠨᠢᠭᠡᠴᠡ᠂ ᠲᠠᠷᠠᠭᠠᠬᠢ ᠬᠤᠶᠠᠷ ᠨᠢ ᠦᠬᠦᠯᠡᠪᠤᠷᠢ ᠵᠦᠢ ᠶᠢᠨ ᠨᠢᠭᠡᠴᠡ ᠪᠤᠯᠬᠤ ᠲᠡᠳᠤᠢ ᠪᠢᠰᠢ᠂ ᠪᠠᠰᠠ ᠦᠭᠡᠰ ᠤᠨ ᠰᠠᠩ ᠪᠤᠯᠤᠨ ᠦᠭᠡ ᠵᠦᠢ ᠶᠢᠨ ᠨᠢᠭᠡᠴᠡ ᠪᠤᠯᠤᠨ᠎ᠠ ᠬᠡᠵᠦ ᠦᠵᠡᠭᠡᠳ ᠲᠤᠰ ᠪᠦᠷᠢ ᠵᠢ ᠠᠳᠠᠯᠢ ᠪᠤᠰᠤ ᠡᠬᠦᠷᠭᠡ ᠵᠤᠷᠢᠯᠭ᠎ ᠪᠠᠷ ᠰᠤᠳᠤᠯᠬᠤ ᠲᠤᠬᠠᠢ ᠲᠠᠢᠯᠪᠤᠷᠢᠯᠡᠨ ᠦᠬᠦᠯᠡᠪᠡ᠃
Original Literature No Original Paper
出自 内蒙古民族大学学报(社会科学) 1998年 第4期

联系我们


内蒙古大学图书馆
呼和浩特市大学西路235号
中国·内蒙古
P: (0471) 4992561
E: huangfeilong@imu.edu.cn