Paper Information


Title ᠪᠤᠷᠳᠤᠭᠤᠷ ᠤᠷᠤᠭᠤᠯᠬᠤ ᠨᠢ WL—232HQ᠋ ᠶᠢᠨ ᠤᠯᠠᠨᠴᠢ ᠰᠢᠬᠢᠷ ᠪᠡ ᠶᠡᠷᠦᠩᠬᠡᠢ ᠰᠢᠬᠢᠷ ᠤᠨ ᠠᠭᠤᠯᠤᠭᠳᠠᠴᠠ ᠳᠤ ᠦᠵᠡᠭᠦᠯᠬᠦ ᠦᠢᠯᠡᠳᠦᠯ
Creator ᠰᠤᠶᠤᠯᠴᠡᠴᠡᠭ; ᠪᠤᠤ ᠭᠦᠢ ᠿᠦᠩ
Keyword ᠪᠤᠷᠳᠤᠭᠤᠷ ᠤᠷᠤᠭᠤᠯᠬᠤ; WL—232HQ; ᠠᠭᠤᠰᠤᠮᠠᠬᠠᠢ ᠤᠯᠠᠨᠴᠢ ᠰᠢᠬᠢᠷ; ᠠᠭᠤᠰᠤᠮᠠᠬᠠᠢ ᠪᠤᠰᠤ ᠤᠯᠠᠨᠴᠢ ᠰᠢᠬᠢᠷ; ᠶᠡᠷᠦᠩᠬᠡᠢ ᠰᠢᠬᠢᠷ
Abstract WL—232HQ᠋ ᠢᠶᠠᠷ ᠰᠤᠳᠤᠯᠬᠤ ᠮᠠᠲ᠋ᠧᠷᠢᠶᠠᠯ ᠪᠤᠯᠭᠠᠵᠤ᠂ 《3414》ᠲᠤᠷᠰᠢᠯᠲᠠ ᠶᠢᠨ ᠲᠦᠰᠦᠯ ᠢ ᠬᠡᠷᠡᠭᠯᠡᠵᠦ᠂ ᠬᠤᠷᠴᠢᠨ ᠤ ᠬᠡᠭᠡᠷ᠎ᠡ ᠲᠠᠯ᠎ᠠ ᠶᠢᠨ ᠪᠤᠷᠤ ᠬᠦᠷᠦᠰᠦᠨ ᠳᠡᠭᠡᠷ᠎ᠡ᠂ N᠂ P᠂ K ᠪᠤᠷᠳᠤᠭᠤᠷ ᠢ ᠠᠳᠠᠯᠢ ᠪᠤᠰᠤ ᠬᠠᠷᠢᠴᠠᠯ ᠢᠶᠠᠷ ᠤᠷᠤᠭᠤᠯᠬᠤ ᠨᠢ WL—232HQ᠋ ᠶᠢᠨ ᠴᠡᠴᠡᠭᠯᠡᠬᠦ ᠬᠤᠭᠤᠴᠠᠭ᠎ᠠ ᠪᠠ ᠪᠤᠯᠪᠠᠰᠤᠷᠠᠬᠤ ᠬᠤᠭᠤᠴᠠᠭᠠᠨ ᠳᠠᠬᠢ ᠠᠭᠤᠰᠤᠮᠠᠬᠠᠢ ᠤᠯᠠᠨᠴᠢ ᠰᠢᠬᠢᠷ᠂ ᠠᠭᠤᠰᠤᠮᠠᠬᠠᠢ ᠪᠤᠰᠤ ᠤᠯᠠᠨᠴᠢ ᠰᠢᠬᠢᠷ ᠪᠡ ᠶᠡᠷᠦᠩᠬᠡᠢ ᠰᠢᠬᠢᠷ ᠦᠨ ᠠᠭᠤᠯᠤᠭᠳᠠᠴᠠ ᠳᠤ ᠦᠵᠡᠭᠦᠯᠬᠦ ᠦᠢᠯᠡᠳᠦᠯ ᠢ ᠰᠤᠳᠤᠯᠪᠠ᠃ ᠦᠷ᠎ᠡ ᠳ᠋ᠦᠩ ᠢᠯᠡᠷᠬᠡᠶᠢᠯᠡᠭᠰᠡᠨ ᠨᠢ᠂ N ᠪᠤᠷᠳᠤᠭᠤᠷ ᠨᠢ ᠠᠭᠤᠰᠤᠮᠠᠬᠠᠢ ᠤᠯᠠᠨᠴᠢ ᠰᠢᠬᠢᠷ ᠤᠨ ᠠᠭᠤᠯᠤᠭᠳᠠᠴᠠ ᠶᠢ ᠪᠠᠭᠤᠷᠠᠭᠤᠯᠵᠤ᠂ ᠠᠭᠤᠰᠤᠮᠠᠬᠠᠢ ᠪᠤᠰᠤ ᠤᠯᠠᠨᠴᠢ ᠰᠢᠬᠢᠷ ᠪᠡ ᠶᠡᠷᠦᠩᠬᠡᠢ ᠰᠢᠬᠢᠷ ᠤᠨ ᠠᠭᠤᠯᠤᠭᠳᠠᠴᠠ ᠶᠢ ᠨᠡᠮᠡᠭᠳᠡᠭᠦᠯᠬᠦ ᠬᠠᠨᠳᠤᠰᠢ ᠲᠠᠢ᠂ P ᠪᠤᠷᠳᠤᠭᠤᠷ ᠤᠨ ᠡᠯ᠎ᠡ ᠵᠤᠶᠢᠯ ᠤᠨ ᠰᠢᠬᠢᠷ ᠤᠨ ᠠᠭᠤᠯᠤᠭᠳᠠᠴᠠ ᠳᠤ ᠦᠵᠡᠭᠦᠯᠬᠦ ᠦᠢᠯᠡᠳᠦᠯ ᠨᠢ ᠲᠤᠰ ᠪᠥᠷᠢ ᠠᠳᠠᠯᠢ ᠪᠤᠰᠤ ᠪᠠᠶᠢᠵᠤ᠂ K ᠪᠤᠷᠳᠤᠭᠤᠷ ᠨᠢ ᠡᠯ᠎ᠡ ᠵᠤᠶᠢᠯ ᠤᠨ ᠰᠢᠬᠢᠷ ᠤᠨ ᠠᠭᠤᠯᠤᠭᠳᠠᠴᠠ ᠶᠢ ᠨᠡᠮᠡᠭᠳᠡᠭᠦᠯᠬᠦ ᠬᠠᠨᠳᠤᠰᠢ ᠲᠠᠢ ᠪᠠᠶᠢᠳᠠᠭ᠃ N0᠂ P2᠂ K2᠋ ᠤᠨ ᠬᠠᠮᠲᠤᠷᠠᠯ (P2O542.4kg/hm2᠂ ᠻ2 220.0kg/hm2)᠋ ᠤᠨ ᠦᠶᠡᠰ᠂ ᠠᠭᠤᠰᠤᠮᠠᠬᠠᠢ ᠤᠯᠠᠨᠴᠢ ᠰᠢᠬᠢᠷ ᠤᠨ ᠠᠭᠤᠯᠤᠭᠳᠠᠴᠠ ᠬᠠᠮᠤᠭ ᠦᠨᠳᠦᠷ᠂ N2᠂ P1᠂ K2᠋ ᠤᠨ ᠬᠠᠮᠲᠤᠷᠠᠯ (N185.0kg/hm2᠂ P2O521.2kg/hm2᠂ K2O 220.0kg/hm2)᠋ ᠤᠨ ᠦᠶᠡᠰ᠂ ᠠᠭᠤᠰᠤᠮᠠᠬᠠᠢ ᠪᠤᠰᠤ ᠤᠯᠠᠨᠴᠢ ᠰᠢᠬᠢᠷ ᠪᠡ ᠶᠡᠷᠦᠩᠬᠡᠢ ᠰᠢᠬᠢᠷ ᠤᠨ ᠠᠭᠤᠯᠤᠭᠳᠠᠴᠠ ᠬᠠᠮᠤᠭ ᠦᠨᠳᠦᠷ ᠪᠤᠯᠬᠤ ᠪᠦᠭᠡᠳ ᠪᠤᠯᠪᠠᠰᠤᠷᠠᠬᠤ ᠬᠤᠭᠤᠴᠠᠨ ᠤ ᠬᠢᠨᠢ ᠪᠥᠷ ᠴᠡᠴᠡᠭᠯᠡᠬᠦ ᠬᠤᠭᠤᠴᠠᠭᠠᠨ ᠤ ᠬᠢ ᠡᠴᠡ ᠦᠨᠳᠦᠷ ᠪᠠᠶᠢᠳᠠᠭ᠃
Original Literature View Original Paper
出自 内蒙古民族大学学报(自然科学) 2007年 第2期

联系我们


内蒙古大学图书馆
呼和浩特市大学西路235号
中国·内蒙古
P: (0471) 4992561
E: huangfeilong@imu.edu.cn