Paper Information


Title ᠢᠷᠠᠭᠤ ᠨᠠᠢᠢᠷᠠᠭ ᠤᠨ ᠰᠢᠭᠦᠮᠵᠢ  ᠶᠢᠨ ᠰᠢᠨᠡᠴᠢᠯᠠᠯ ᠵᠢᠴᠢ ᠲᠡᠬᠦᠨ ᠤ ᠰᠡᠩᠭᠡᠷᠡᠭᠦᠯᠡᠯ—ᠬᠠᠢᠢᠷᠬᠠᠨ ᠤ《 ᠤᠤᠭᠠᠯ ᠰᠣᠶᠣᠯ ᠤᠨ ᠰᠢᠯᠦᠭ ᠵᠦᠢ》 ᠭᠡᠬᠦ ᠨᠣᠮ ᠤᠨ ᠲᠣᠬᠠᠢ
Creator ᠶᠣᠸᠠᠨ ᠴᠸᠩ
Keyword ᠮᠣᠩᠭ᠋ᠤᠯ ᠰᠢᠯᠦᠭ; ᠰᠢᠭᠦᠮᠵᠢ; ᠬᠠᠢᠢᠷᠬᠨᠨ
Abstract ᠬᠠᠢᠢᠷᠬᠠᠨ ᠤ ᠰᠢᠨᠡᠬᠡᠨ ᠬᠡᠪᠯᠡᠭᠳᠡᠭᠡᠨ ᠪᠠᠢᠢᠬ᠋ ᠠ《ᠤᠤᠭᠠᠯ ᠰᠣᠶᠣᠯ ᠤᠨ ᠰᠢᠯᠦᠭ ᠵᠦᠢ》 ᠭᠡᠬᠡ ᠢᠷᠠᠭᠤ ᠨᠠᠢᠢᠷᠠᠭ  ᠤᠨ ᠰᠢᠬᠦᠮᠵᠢ ᠶᠢᠨ ᠲᠡᠭᠦᠪᠦᠷᠢ ᠨᠢ ᠨᠡᠢᠢᠭᠡᠮ ᠰᠣᠶᠣᠯ ᠤᠨ ᠬᠣᠪᠢᠰᠤᠯᠲᠠ ᠶᠢᠨ ᠶᠠᠪᠤᠴᠠ ᠳᠤ ᠬᠢ ᠦᠪᠦᠷ ᠮᠣᠩᠭ᠋ᠤᠯ ᠤᠨ ᠣᠷᠴᠢᠮ ᠤᠨ ᠠᠷᠪᠠᠭᠠᠳ ᠵᠢᠯ ᠤᠨ ᠢᠷᠠᠭᠤ ᠨᠠᠢᠢᠷᠠᠭ ᠲ ᠢᠯᠡᠷᠡᠭᠰᠡᠨ ᠣᠯᠠᠨ ᠡᠰᠢᠵᠢᠯ᠂ ᠤᠤᠭᠠᠯ ᠰᠣᠶᠣᠯᠵᠢᠯ ᠤᠨ ᠠᠰᠠᠭᠤᠳᠠᠯ ᠬᠢᠭᠡᠳ ᠠᠯᠠᠱᠠ᠂ ᠰᠦᠨᠢᠳ ᠪᠠᠭᠠᠷᠢᠨ᠂ ᠬᠣᠷᠴᠢᠨ ᠢᠷᠠᠭᠤ ᠨᠠᠢᠢᠷᠠᠭ ᠤᠨ ᠦᠵᠭᠳᠡᠯ ᠢ ᠮᠦᠷᠳᠡᠨ ᠰᠢᠭᠦᠮᠵᠢᠯᠡᠵᠦ᠂ ᠢᠷᠠᠭᠤ ᠨᠠᠢᠢᠷᠠᠭ ᠤᠨ ᠰᠣᠳᠤᠯᠭᠠᠨ  ᠤ ᠰᠢᠨᠡᠴᠢᠯᠠᠯ ᠳᠤ ᠪᠦᠲᠦᠭᠡᠯᠴᠢ ᠠᠵᠢᠯ ᠬᠢᠬᠦ ᠶᠢᠨ ᠲᠠᠭᠤ ᠦᠪᠡᠷ ᠤᠨ ᠰᠢᠯᠦᠭ ᠵᠦᠢ  ᠶᠢᠨ ᠦᠵᠡᠯᠲᠠ ᠪᠠᠨ ᠰᠢᠰᠲ᠋ᠸᠮᠵᠢᠭᠦᠯᠬᠦ ᠪᠡᠷ ᠴᠢᠷᠮᠠᠢᠢᠭᠰᠠᠨ ᠪᠠᠢᠢᠳᠠᠭ᠃ ᠦᠭᠦᠯᠡᠯ ᠳᠤ ᠂ ᠲᠡᠭᠦᠨ ᠤ ᠢᠷᠠᠭᠤ ᠨᠠᠢᠢᠷᠠᠭ ᠤᠨ ᠰᠢᠭᠦᠮᠵᠢ ᠶᠢᠨ ᠰᠢᠨᠡᠴᠢᠯᠠᠯ  ᠨᠢ ᠰᠢᠯᠦᠭ ᠤᠨ ᠦᠵᠡᠯ ᠣᠢᠢᠯᠠᠭᠠᠭᠳᠠᠬᠤᠨ ᠤ ᠣᠳᠣᠬᠢᠴᠢᠯᠠᠯ᠂ᠰᠢᠭᠦᠮᠵᠢ ᠶᠢᠨ ᠠᠷᠭ᠋ ᠠ ᠵᠦᠢ ᠶᠢᠨ ᠶᠡᠷᠦᠩᠬᠡᠢᠢᠯᠡᠯ᠂ ᠰᠢᠭᠦᠮᠵᠢ ᠪᠢᠴᠢᠯᠭᠡ ᠶᠢᠨ ᠬᠡᠪ ᠵᠠᠭᠪᠤᠷ ᠤᠨ ᠦᠭᠡᠷᠡᠴᠢᠯᠠᠯ᠂ᠰᠢᠭᠦᠮᠵᠢ ᠶᠢᠨ ᠣᠪᠤᠷ ᠰᠤᠷᠲᠠᠯ ᠤᠨ ᠵᠠᠰᠠᠪᠤᠷᠢᠯᠠᠯ ᠵᠡᠷᠭᠡ ᠲᠠᠯ ᠠ ᠪᠡᠷ ᠲᠣᠪᠤᠢᠢᠮ ᠠ ᠢᠯᠡᠷᠡᠯ ᠲᠠᠢ ᠭᠡᠵᠦ ᠦᠵᠡᠭᠡᠳ᠂ ᠲᠡᠭᠦᠨ ᠤ ᠰᠢᠭᠦᠮᠵᠢ ᠶᠢᠨ ᠦᠪᠡᠷᠮᠢᠴᠡ ᠰᠢᠨᠵᠢ ᠬᠢᠭᠡᠳ ᠤᠷ ᠠ ᠠᠪᠢᠶᠠᠰ ᠢ ᠰᠢᠯᠦᠭᠯᠡᠳᠡᠭ ᠦᠭᠦᠯᠡᠬᠦ ᠶᠢᠨ ᠬᠡᠯᠡᠨ ᠤ ᠨᠠᠮᠪᠠ᠂ ᠰᠢᠭᠦᠮᠵᠢ ᠪᠢᠴᠢᠯᠭᠡ ᠶᠢᠨ ᠦᠪᠡᠷᠮᠢᠴᠡ ᠲᠷᠰᠢᠴᠠ ᠬᠡᠮᠡᠨ ᠬᠤᠷᠢᠶᠠᠩᠭ᠋ᠤᠢᠢᠯᠠᠭᠰᠠᠨ ᠪᠠᠢᠢᠨ᠌ ᠠ᠃
Original Literature View Original Paper
出自 内蒙古民族大学学报(社会科学) 2011年 第4期

联系我们


内蒙古大学图书馆
呼和浩特市大学西路235号
中国·内蒙古
P: (0471) 4992561
E: huangfeilong@imu.edu.cn