Title |
ᠡᠸᠡᠩᠬᠢ ᠬᠡᠯᠡ ᠪᠠ ᠮᠣᠩᠭ᠋ᠤᠯ ᠬᠡᠯᠡ ᠤ ᠬᠠᠮᠢᠶᠠᠳᠠᠭᠤᠯᠬᠤ ᠠᠢ ᠶᠢᠨ ᠬᠠᠷᠢᠴᠠᠭᠤᠯᠤᠯ |
Creator |
ᠳ᠋ᠣᠺᠲ᠋ᠤᠷ᠂ ᠫᠷᠣᠹᠸᠰᠰᠤᠷ ᠳ᠂ᠰᠸᠷᠠᠨᠪᠠᠳᠤ |
Keyword |
ᠡᠸᠡᠩᠬᠢ ᠬᠡᠯᠡ ;ᠮᠣᠩᠭ᠋ᠤᠯ ᠬᠡᠯᠡ; ᠬᠠᠮᠢᠶᠠᠳᠠᠭᠤᠯᠬᠤ ᠠᠢ |
Abstract |
ᠡᠸᠡᠩᠬᠢ ᠬᠡᠯᠡ ᠪᠣᠯ ᠠᠯᠳᠠᠢ ᠢᠵᠠᠭᠤᠷ ᠬᠡᠯᠡᠨ ᠤ ᠮᠠᠨᠵᠤ—ᠲᠦᠩᠭᠦᠰ ᠲᠦᠷᠦᠯ ᠬᠡᠯᠡᠨ ᠤ ᠰᠠᠯᠪᠤᠷᠢ ᠶᠢᠨ ᠤᠮᠠᠷᠠᠳᠤ ᠰᠠᠯᠪᠤᠷᠢ ᠳᠤ ᠪᠠᠭᠲᠠᠬᠤ ᠬᠡᠯᠡ ᠪᠣᠯᠤᠨ᠌ ᠠ᠃ᠡᠸᠡᠩᠬᠢ ᠬᠡᠯᠡ ᠨᠢ ᠮᠣᠩᠭ᠋ᠤᠯ ᠬᠡᠯᠡ ᠲᠠᠢ ᠨᠢᠭᠡ ᠢᠭᠠᠭᠤᠷᠲᠤ ᠬᠡᠯᠡᠨ ᠤ ᠠᠳᠠᠯᠢ ᠪᠣᠰᠤ ᠶᠢᠨ ᠲᠦᠷᠦᠯ ᠬᠡᠯᠡᠨ ᠳᠤ ᠬᠠᠷᠢᠶᠠᠯᠠᠭᠳᠠᠬᠤ ᠪᠣᠯᠪᠠᠴᠤ ᠮᠣᠩᠭ᠋ᠤᠯ ᠬᠡᠯᠡ ᠲᠠᠢ ᠨᠡᠢᠢᠲᠡᠯᠢᠭ ᠣᠨᠴᠠᠯᠢᠭ ᠪᠦᠬᠦᠢ ᠵᠦᠢᠯ ᠨᠡᠢᠯᠶᠡᠳ ᠣᠯᠠᠨ ᠪᠠᠢᠢᠬᠤ ᠪᠦᠭᠡᠳ ᠦᠪᠡᠷᠮᠢᠴᠡ ᠣᠨᠴᠠᠯᠢᠭ ᠲᠠᠢ ᠵᠦᠢᠯ ᠤᠳ ᠢᠢᠡᠨ ᠬᠠᠳᠠᠭᠠᠯᠠᠵᠤ ᠪᠠᠢᠢᠭ᠋᠋ ᠠ ᠶᠣᠮ᠃ ᠦᠭᠦᠯᠡᠯ ᠳᠤ ᠡᠸᠡᠩᠬᠢ ᠬᠡᠯᠡ ᠪᠡ ᠮᠣᠩᠭ᠋ᠤᠯ ᠬᠡᠯᠡᠨ ᠤ ᠬᠠᠮᠢᠶᠠᠳᠠᠭᠤᠯᠬᠤ ᠠᠢ ᠶᠢᠨ ᠲᠠᠭᠠᠪᠤᠷᠢ ᠨᠤᠭᠤᠳ ᠤᠨ ᠢᠯᠡᠳᠭᠡᠬᠦ ᠤᠳᠬ ᠠ᠂ ᠪᠦᠷᠢᠯᠳᠦᠭᠦᠨ ᠪᠠ ᠬᠠᠷᠤᠯ ᠢᠷᠡᠯ ᠤᠨ ᠲᠣᠬᠠᠢ ᠬᠠᠷᠢᠴᠠᠭᠤᠯᠤᠨ ᠰᠢᠨᠵᠢᠯᠡᠭᠡᠳ ᠡᠳᠡᠭᠡᠷ ᠲᠠᠭᠠᠪᠤᠷᠢ ᠨᠤᠭᠤᠳ ᠤᠨ ᠠᠪᠢᠶᠠᠨ ᠤ ᠵᠠᠷᠢᠮ ᠲᠣᠬᠢᠷᠠᠯᠴᠠᠭ᠋ ᠠ ᠵᠢ ᠨᠢ ᠢᠯᠡᠷᠡᠭᠦᠯᠭᠨ ᠭᠠᠷᠭᠠᠵᠤ᠂ ᠤᠯᠠᠷᠢᠯ ᠬᠣᠪᠢᠷᠠᠯ ᠤᠨ ᠵᠢᠮ ᠠ ᠬᠠᠤᠯᠢ ᠵᠢ ᠨᠢ ᠡᠷᠢᠨ ᠰᠦᠪᠡᠭ᠍ᠴᠢᠯᠡᠵᠦ᠂ ᠬᠠᠷᠢᠴᠠᠭ᠋ ᠠ ᠬᠣᠯᠪᠤᠭ᠋ ᠠ ᠵᠢ ᠨᠢ ᠤᠯᠠᠮ ᠲᠣᠳᠤᠷᠠᠭᠤᠯᠤᠨ᠂ ᠠᠯᠳᠠᠢ ᠬᠡᠯᠡᠨ ᠤ ᠰᠣᠳᠣᠯᠣᠯ ᠤᠨ ᠦᠢᠯᠡᠰ ᠲᠤ ᠨᠡᠮᠡᠷᠢ ᠪᠣᠯᠭᠠᠬᠤ ᠵᠢ ᠵᠣᠷᠢᠪᠠ᠃ |
Original Literature |
View Original Paper
|
出自 |
内蒙古社会科学(蒙文版)
2010年
第3期
|