Title |
《ᠶᠡᠬᠡ ᠰᠤᠷᠭᠠᠭᠤᠯᠢ ᠶᠢᠨ ᠮᠣᠩᠭ᠋ᠤᠯ ᠬᠡᠯᠡ ᠪᠢᠴᠢᠭ᠌》 ᠤᠨ ᠬᠢᠴᠢᠶᠡᠯᠯᠡᠭᠡ ᠶᠢᠨ ᠵᠣᠷᠢᠯᠭ᠋ ᠠ ᠪᠠ ᠵᠢᠭᠠᠬᠤ ᠠᠷᠭ᠋ ᠠ ᠶᠢᠨ ᠲᠣᠬᠠᠢ |
Creator |
ᠸᠠᠩ ᠭᠤᠤ ᠠ |
Keyword |
ᠮᠣᠩᠭ᠋ᠤᠯ ᠬᠡᠯᠡ ᠪᠢᠴᠢᠭ᠌; ᠵᠣᠷᠢᠯᠭ᠋ ᠠ; ᠵᠢᠭᠠᠬᠤ ᠠᠷᠭ᠋ ᠠ |
Abstract |
《ᠶᠡᠬᠡ ᠰᠤᠷᠭᠠᠭᠤᠯᠢ ᠶᠢᠨ ᠮᠣᠩᠭ᠋ᠤᠯ ᠬᠡᠯᠡ ᠪᠢᠴᠢᠭ᠌》 ᠨᠢ ᠮᠣᠩᠭ᠋ᠤᠯ ᠬᠡᠯᠡ ᠤᠳᠬ ᠠ ᠵᠣᠬᠢᠶᠠᠯ ᠤᠨ ᠪᠣᠰᠤ ᠮᠡᠷᠭᠡᠵᠢᠯ ᠤᠨ ᠮᠣᠩᠭ᠋ᠤᠯ ᠤᠶᠤᠲᠠᠳ ᠲᠤ ᠵᠣᠷᠢᠭᠤᠯᠤᠭᠰᠠᠨᠨ ᠨᠢᠭᠡ ᠲᠦᠷᠦᠯ ᠤᠨ ᠬᠢᠴᠢᠶᠡᠯ ᠪᠠᠯᠤᠨ᠌ ᠠ᠃ ᠲᠤᠰ ᠬᠢᠴᠢᠶᠡᠯᠯᠡᠭᠡ ᠨᠢ ᠤᠶᠤᠲᠠᠳ ᠲᠤ ᠬᠦᠮᠦᠨ ᠰᠣᠶᠣᠯ ᠤᠨ ᠴᠢᠨᠠᠷ ᠴᠢᠨᠰᠠᠭ᠋ ᠠ ᠶᠢᠨ ᠬᠦᠮᠦᠵᠢᠯ ᠬᠢᠬᠦ ᠪᠡᠷ ᠵᠣᠷᠢᠯᠭ᠋ ᠠ ᠪᠣᠯᠭᠠᠵᠤ᠂ ᠵᠢᠭᠠᠨ ᠰᠤᠷᠭᠠᠬᠤ ᠳᠤ ᠪᠠᠨ ᠲᠤᠤᠷᠠᠬᠢ ᠬᠡᠳᠦᠨ ᠲᠠᠯ ᠠ ᠪᠡᠷ ᠠᠩᠬᠠᠷᠤᠯᠲᠠᠢ᠃ ᠨᠢᠭᠡ ᠳ᠋ᠤ᠂ ᠭᠤᠤ ᠠ ᠰᠠᠢᠢᠬᠠᠨ ᠤ ᠵᠢᠭᠠᠨ ᠰᠤᠷᠭᠠᠬᠤ ᠠᠷᠭ᠋ ᠠ ᠪᠡᠷ ᠨᠡᠢᠭᠡᠮ ᠪᠠ ᠬᠦᠮᠦᠨ ᠲᠦᠷᠦᠯᠬᠢᠲᠡᠨ ᠢ ᠣᠶᠤᠲᠠᠳ ᠲᠤ ᠲᠠᠨᠢᠭᠤᠯᠵᠤ᠂ ᠪᠣᠳᠠᠳᠠᠢ ᠵᠣᠬᠢᠶᠠᠯ ᠡᠴᠡ ᠬᠡᠷᠬᠢᠨ ᠬᠦᠮᠦᠨ ᠪᠣᠯᠵᠤ ᠬᠦᠮᠦᠵᠢᠭᠳᠡᠬᠦ ᠵᠢ ᠣᠢᠯᠠᠭᠠᠬᠤ; ᠬᠣᠶᠠᠷ ᠲᠤ᠂ᠲᠤᠰ ᠬᠢᠴᠢᠶᠡᠯᠯᠡᠭᠡ ᠶᠢᠨ ᠪᠠᠭᠰᠢ ᠨᠢ ᠡᠷᠬᠡᠪᠰᠢ ᠲᠡᠭᠡᠲᠦ ᠬᠡᠮᠵᠢᠶᠡᠨ ᠤ ᠬᠡᠯᠡ ᠪᠢᠴᠢᠭ᠌᠂ᠤᠳᠬ ᠠ ᠵᠣᠬᠢᠶᠠᠯ ᠤᠨ ᠮᠡᠳᠡᠯᠭᠡ ᠲᠠᠢ ᠪᠠᠢᠢᠬᠤ; ᠭᠤᠷᠪᠠ ᠳ᠋ᠤ᠂ ᠵᠢᠭᠠᠨ ᠰᠤᠷᠭᠠᠬᠤ ᠮᠠᠲ᠋ᠧᠷᠢᠶᠠᠯ ᠳᠤ ᠵᠣᠬᠢᠴᠠᠭᠤᠯᠵᠤ᠂ ᠲᠡᠭᠦᠨ ᠤ ᠣᠨᠴᠠᠯᠢᠭ ᠰᠢᠨᠵᠢ ᠪᠠ ᠴᠢᠠᠨᠷ ᠴᠢᠨᠰᠠᠭ᠋ ᠠ ᠵᠢ ᠬᠦᠢᠴᠡᠳ ᠲᠠᠨᠢᠭᠯᠤᠵ᠂ ᠣᠶᠤᠲᠠᠳ ᠤᠨ ᠰᠤᠷᠤᠯᠴᠠᠬᠤ ᠤᠷ ᠠ ᠪᠠᠬ ᠠ ᠵᠢ ᠲᠡᠭᠡᠭ᠍ᠰᠢᠯᠡᠭᠦᠯᠬᠦ; ᠲᠦᠷᠪᠷ ᠳ᠋ᠦ᠂ᠣᠶᠤᠲᠠᠳ ᠤᠨᠬᠡᠯᠡ ᠪᠢᠴᠢᠭ᠌ ᠤᠨ ᠲᠠᠯ ᠠ ᠶᠢᠨ ᠬᠡᠪ ᠰᠤᠷᠲᠠᠯ ᠢ ᠲᠡᠭᠡᠭ᠍ᠰᠢᠯᠡᠬᠦᠯᠵᠦ᠂ᠮᠣᠩᠭ᠋ᠤᠯ ᠦᠨᠳᠦᠰᠦᠲᠡᠨ ᠤ ᠪᠠᠨ ᠰᠢᠯᠢᠳᠡᠭ ᠦᠪ ᠰᠣᠶᠣᠯ ᠢ ᠲᠠᠨᠢᠯᠴᠠᠵᠤ᠂ ᠲᠡᠬᠦᠨ ᠢ ᠪᠠᠨ ᠣᠢᠯᠠᠭᠠᠵᠤ᠂ ᠬᠠᠢᠢᠷᠠᠯᠠᠵᠤ᠂ ᠬᠠᠮᠠᠭᠠᠯᠠᠵᠤ᠂ ᠭᠦᠭ᠍ᠵᠢᠬᠦᠯᠬᠦ ᠤᠬᠠᠮᠰᠠᠷᠲᠤ ᠰᠡᠳᠭᠢᠯᠭᠡ ᠵᠢ ᠲᠡᠭᠡᠭ᠍ᠰᠢᠯᠡᠭᠦᠯᠬᠦ ᠳᠤ ᠣᠷᠤᠰᠢᠨ᠌ ᠠ᠃ |
Original Literature |
View Original Paper
|
出自 |
内蒙古民族大学学报(社会科学)
2012年
第1期
|