Title |
ᠮᠣᠩ᠋ᠭᠤᠯ ᠶᠤᠸᠠᠨ ᠤᠯᠤᠰ ᠤᠨ ᠬᠠᠰᠢᠨ ᠬᠤᠭᠤᠯᠠᠢ ᠣᠷᠤᠨ ᠳᠠᠬᠢ ᠲᠤᠰᠠᠳᠴᠢᠯᠠᠭᠰᠠᠨ ᠲᠠᠷᠢᠶᠠᠯᠠᠩ ᠢ ᠰᠢᠨᠵᠢᠯᠡᠬᠦ ᠨᠢ |
Creator |
ᠭᠠᠩᠪᠠᠲᠤ |
Keyword |
ᠶᠤᠸᠠᠨ ᠤᠯᠤᠰ; ᠬᠠᠰᠢᠨ ᠬᠤᠭᠤᠯᠠᠢ; ᠲᠤᠰᠠᠳᠴᠢᠯᠠᠭᠰᠠᠨ ᠲᠠᠷᠢᠶᠠᠯᠠᠩ |
Abstract |
ᠶᠤᠸᠠᠨ ᠤᠯᠤᠰ ᠬᠠᠰᠢᠨ ᠬᠤᠭᠤᠯᠠᠢ ᠣᠷᠤᠨ ᠤ ᠬᠠᠷ᠎ᠠ ᠭᠤᠤᠯ ᠤᠨ ᠤᠰᠤᠨ ᠰᠢᠰᠲ᠋ᠧᠮ ᠢᠶᠡᠷ ᠲᠦᠪᠯᠡᠭᠰᠡᠨ ᠭᠠᠨ ᠵᠧᠤ᠂ ᠰᠤ ᠵᠧᠤ᠂ ᠱᠦᠯᠧ ᠭᠤᠤᠯ ᠢᠶᠠᠷ ᠲᠦᠪᠯᠡᠭᠰᠡᠨ ᠭᠤᠸᠠᠨ ᠵᠧᠤ᠂ ᠱᠠ ᠵᠧᠤ ᠪᠤᠯᠤᠨ ᠡᠵᠡᠨ᠎ᠡ ᠭᠤᠤᠯ ᠪᠠᠷ ᠲᠦᠪᠯᠡᠭᠰᠡᠨ ᠡᠵᠡᠨᠠᠢ ᠶᠡᠷᠦᠩ᠋ᠬᠡᠢ᠌ᠯᠡᠨ ᠬᠠᠮᠢᠶᠠᠷᠠᠬᠤ ᠣᠷᠳᠤᠨ ᠵᠡᠷᠭᠡ ᠭᠠᠵᠠᠷ ᠲᠤ ᠭᠤᠤᠯᠳᠠᠯᠭ᠎ᠠ ᠲᠠᠢ ᠪᠠᠷ ᠲᠤᠰᠠᠳᠴᠢᠯᠠᠭᠰᠠᠨ ᠲᠠᠷᠢᠶᠠᠯᠠᠩ ᠤᠨ ᠦᠢᠯᠡᠰ ᠢ ᠡᠷᠬᠢᠯᠡᠭᠰᠡᠨ ᠶᠤᠮ᠃ ᠲᠡᠨᠳᠡᠬᠢ ᠲᠤᠰᠠᠳᠴᠢᠯᠠᠭᠰᠠᠨ ᠲᠠᠷᠢᠶᠠᠯᠠᠩ ᠨᠢ ᠴᠡᠷᠢᠭ ᠦᠨ᠂ ᠠᠷᠠᠳ ᠤᠨ᠂ ᠴᠡᠷᠢᠭ ᠠᠷᠠᠳ ᠤᠨ ᠬᠤᠷᠰᠢᠭᠰᠠᠨ ᠲᠤᠰᠠᠳᠴᠢᠯᠠᠭᠰᠠᠨ ᠲᠠᠷᠢᠶᠠᠯᠠᠩ ᠭᠡᠵᠦ ᠭᠤᠷᠪᠠᠨ ᠲᠦᠷᠦᠯ ᠪᠠᠢ᠌ᠳᠠᠭ᠃ ᠭᠡᠪᠡᠴᠦ ᠴᠡᠷᠢᠭ ᠦᠨ ᠲᠤᠰᠠᠳᠴᠢᠯᠠᠭᠰᠠᠨ ᠲᠠᠷᠢᠶᠠᠯᠠᠩ ᠬᠠᠮᠤᠭ ᠳᠠᠪᠠᠭᠤ ᠪᠠᠢ᠌ᠷᠢ ᠶᠢ ᠡᠵᠡᠯᠡᠳᠡᠭ᠃ ᠲᠡᠷᠡ ᠨᠢ ᠶᠤᠸᠠᠨ ᠤᠯᠤᠰ ᠤᠨ ᠪᠠᠷᠠᠭᠤᠨ ᠬᠤᠢ᠌ᠲᠤ ᠣᠷᠤᠨ ᠤ ᠬᠢᠯᠢ ᠶᠢᠨ ᠰᠡᠷᠭᠡᠢ᠌ᠯᠡᠯᠲᠡ ᠶᠢ ᠴᠢᠩ᠋ᠭᠠᠳᠬᠠᠵᠤ᠂ ᠲᠠᠷᠢᠶᠠᠯᠠᠩ ᠮᠠᠯ ᠠᠵᠤ ᠠᠬᠤᠢ ᠶᠢᠨ ᠦᠢᠯᠡᠳᠪᠦᠷᠢᠯᠡᠯ ᠢ ᠬᠦᠭ᠍ᠵᠢᠭᠦᠯᠵᠦ᠂ ᠨᠡᠢ᠌ᠭᠡᠮ ᠦᠨ ᠠᠮᠤᠷ ᠲᠦᠪᠰᠢᠨ ᠪᠤᠯᠤᠨ ᠦᠨᠳᠦᠰᠦᠲᠡᠨ ᠦ ᠨᠡᠢ᠌ᠯᠡᠯᠭᠡ ᠶᠢ ᠬᠦᠴᠦᠲᠡᠢ ᠲᠦᠯᠬᠢᠨ ᠠᠭᠢᠭᠤᠯᠤᠭᠰᠠᠨ ᠪᠠᠢ᠌ᠨ᠎ᠠ᠃ |
Original Literature |
View Original Paper
|
出自 |
中国蒙古学
2014年
第2期
|