Abstract |
ᠲᠤᠤᠯᠢ《ᠵᠠᠩᠭᠠᠷ》 ᠪᠣᠯ ᠮᠣᠩᠭᠤᠯ ᠦᠨᠳᠦᠰᠦᠲᠡᠨ ᠤ ᠪᠠᠭᠠᠲᠤᠷᠯᠢᠭ ᠦᠶ᠎ᠠ ᠶᠢᠨ ᠠᠮᠢᠳᠤᠷᠠᠯ ᠲᠡᠮᠡᠴᠡᠯ ᠤᠨ ᠲᠠᠭᠤᠯᠠᠯ ᠮᠦᠨ᠃《ᠵᠠᠩᠭᠠᠷ》 ᠲᠦ᠂ ᠮᠣᠩᠭᠤᠯ ᠲᠤᠭᠤᠷᠭᠠᠲᠠᠨ ᠨᠠᠷ 12 ᠳ᠋ᠤᠭᠠᠷ ᠵᠠᠭᠤᠨ ᠤ ᠠᠳᠠᠭ ᠡᠴᠡ 13 ᠳ᠋ᠤᠭᠠᠷ ᠵᠠᠭᠤᠨ ᠤ ᠡᠬᠢᠨ ᠳ᠋ᠤ ᠠᠪᠤᠷᠭᠤ ᠦᠨᠳᠦᠰᠦᠲᠡᠨ ᠤ ᠬᠤᠪᠢ ᠪᠡᠷ ᠲᠡᠯᠡᠬᠡᠢ ᠶᠢᠨ ᠲᠡᠦᠬᠡᠨ ᠲᠠᠪᠴᠠᠩ ᠳ᠋ᠤ ᠭᠠᠷᠴᠦ᠂ ᠠᠽᠢᠶ ᠠ᠂ ᠡᠸᠦᠷᠦᠫᠠ ᠶᠢᠨ ᠶᠡᠬᠡ ᠬᠠᠭᠤᠷᠠᠢ ᠵᠢ ᠠᠭᠲᠠ ᠶᠢᠨ ᠲᠤᠭᠤᠷᠠᠢ ᠪᠡᠷ ᠲᠤᠨᠰᠤᠯᠭᠠᠵᠤ᠂ ᠠᠯᠳᠠᠨ ᠲᠡᠯᠡᠭᠡᠢ ᠳ᠋ᠤ ᠨᠡᠷ ᠡ ᠴᠤᠯᠠ ᠪᠠᠨ ᠮᠠᠨᠳᠤᠭᠤᠯᠵᠤ ᠪᠠᠢᠭᠰᠠᠨ ᠦᠶ ᠠ ᠶᠢᠨ ᠭᠠᠮᠬᠠᠮᠰᠢᠭᠲᠤ ᠪᠠᠭᠠᠲᠤᠷᠯᠢᠭ ᠶᠠᠪᠤᠳᠠᠯ ᠤᠳ ᠲᠤᠰᠬᠠᠯ ᠢᠢᠡᠨ ᠤᠯᠠᠵᠠᠢ᠃ ᠮᠡᠬᠦᠰ ᠪᠢ ᠲᠤᠰ ᠦᠭᠦᠯᠡᠯ ᠳ᠋ᠡᠭᠡᠨ ᠲᠡᠷᠡ ᠲᠡᠦᠬᠡ ᠶᠢᠨ ᠲᠤᠷᠠᠰᠤᠮᠵᠢ ᠶᠢᠨ ᠵᠠᠷᠢᠮ ᠤᠯᠠ ᠮᠦᠷ ᠢᠯᠡ ᠲᠤᠪᠴᠢᠬᠠᠨ ᠶᠠᠷᠢᠵᠤ᠂ ᠲᠡ ᠪᠦᠬᠦᠨ ᠳ᠋ᠡᠭᠡᠨ ᠲᠤᠯᠢᠳᠠᠭᠤᠯᠬᠤ ᠵᠢ ᠵᠣᠷᠢᠯ ᠠ᠃ |