Title |
ᠮᠣᠩᠭᠤᠯ ᠡᠮᠨ᠋᠋ᠡᠯᠭᠡ ᠶᠢᠨ ᠵᠢᠷᠤᠬᠠᠢᠲᠤ ᠡᠪᠡᠳᠴᠢᠨ ᠦ ᠵᠦᠢ ᠶᠢᠨ ᠰᠢᠨᠵᠢᠯᠡᠭᠡ (Ⅳ) — ᠵᠢᠷᠭ᠋ᠤᠭ᠋ᠠᠨ ᠠᠭ᠋ᠤᠷ ᠤᠨ ᠡᠪᠡᠳᠴᠢᠨ ᠦ ᠬᠦᠨᠳᠦᠷᠡᠯᠲᠡ ᠨᠠᠮᠳᠠᠯᠳᠠ᠂ ᠬᠦᠭᠵᠢᠯᠲᠡ ᠪᠤᠴᠠᠯᠲᠠ ᠬᠢᠭᠡᠳ ᠴᠠᠭ ᠬᠤᠭ᠋ᠤᠴᠠᠭᠠ |
Creator |
ᠳ᠋ · ᠬᠦᠭᠵᠢᠯᠲᠦ; ᠰᠦᠬᠡᠪᠠᠭ᠋ᠠᠲᠤᠷ; ᠵᠤᠤ ᠰᠢᠶᠠᠨ ᠹᠠᠩ |
Keyword |
ᠵᠢᠷᠤᠬᠠᠢᠲᠤ ᠡᠪᠡᠳᠴᠢᠨ ᠦ ᠵᠦᠢ; ᠮᠣᠩᠭᠤᠯ ᠡᠮᠨ᠋ᠡᠯᠭᠡ; ᠵᠢᠷᠭ᠋ᠤᠭ᠋ᠠᠨ ᠠᠭ᠋ᠤᠷ ᠤᠨ ᠡᠪᠡᠳᠴᠢᠨ; ᠣᠨ᠋ᠣᠯ ᠰᠢᠨᠵᠢᠯᠡᠯ; ᠰᠤᠷᠪᠤᠯᠵᠢ ᠪᠢᠴᠢᠭ ᠦᠨ ᠰᠤᠳᠤᠯᠭ᠎ᠠ |
Abstract |
ᠮᠣᠩᠭᠤᠯ ᠡᠮᠨ᠋ᠡᠯᠭᠡ ᠶᠢᠨ ᠵᠢᠷᠤᠬᠠᠢᠲᠤ ᠡᠪᠡᠳᠴᠢᠨ ᠦ ᠵᠦᠢ ᠶᠢᠨ ᠲᠤᠬᠠᠢ ᠡᠷᠲᠡᠨ ᠦ ᠨᠤᠮ ᠰᠤᠳᠤᠷ ᠤᠳ ᠲᠤ ᠠᠷᠬᠠᠢ ᠳᠠᠷᠬᠠᠢ ᠲᠡᠮᠳᠡᠭᠯᠡᠭᠳᠡᠨ ᠬᠤᠴᠤᠷᠤᠭᠰᠠᠨ ᠠᠭ᠋ᠤᠯᠭ᠎ᠠ ᠶᠢ ᠵᠤᠷᠪᠤᠰᠴᠢᠯᠠᠨ ᠡᠮᠬᠢᠯᠡᠵᠦ ᠰᠢᠷᠭᠡᠭᠴᠢᠯᠡᠨ ᠰᠢᠨᠵᠢᠯᠡᠬᠦ ᠶᠢᠨ ᠲᠤᠰᠠ ᠳᠤ᠂ ᠵᠢᠷᠭ᠋ᠤᠭ᠋ᠠᠨ ᠠᠭ᠋ᠤᠷ ᠤᠨ ᠡᠪᠡᠳᠴᠢᠨ ᠦ ᠬᠦᠨᠳᠦᠷᠡᠯᠲᠡ ᠨᠠᠮᠳᠠᠯᠳᠠ᠂ ᠬᠦᠭᠵᠢᠯᠲᠡ ᠪᠤᠴᠠᠯᠲᠠ ᠪᠤᠯᠤᠨ ᠴᠠᠭ ᠬᠤᠭ᠋ᠤᠴᠠᠭᠠ ᠶᠢᠨ ᠬᠤᠭ᠋ᠤᠷᠤᠨᠳᠤᠬᠢ ᠬᠠᠷᠢᠴᠠᠭ᠎ᠠ ᠶᠢ ᠣᠳᠣ ᠦᠶ᠎ᠡ ᠶᠢᠨ ᠵᠢᠷᠤᠬᠠᠢᠲᠤ ᠠᠨ᠋ᠠᠭ᠋ᠠᠬᠤ ᠤᠬᠠᠭ᠋ᠠᠨ ᠤ ᠰᠤᠳᠤᠯᠭ᠋ᠠᠨ ᠤ ᠳ᠋ᠦᠩ ᠲᠠᠢ ᠬᠠᠷᠢᠴᠠᠭ᠋ᠤᠯᠤᠨ ᠬᠠᠢᠵᠤ ᠰᠦᠪᠡᠭᠴᠢᠯᠡᠪᠡ᠃ ᠡᠭᠦᠨ ᠳᠦ᠂ ᠴᠠᠭ ᠬᠤᠭ᠋ᠤᠴᠠᠭᠠ ᠪᠠᠷ ᠵᠢᠷᠭ᠋ᠤᠭ᠋ᠠᠨ ᠠᠭ᠋ᠤᠷ ᠤᠨ ᠡᠪᠡᠳᠴᠢᠨ ᠦ ᠶᠠᠪᠤᠴᠠ ᠶᠢ ᠨᠦᠯᠦᠭᠡᠯᠡᠬᠦ ᠵᠢᠮ᠎ᠡ ᠶᠤᠰᠤ ᠶᠢ ᠡᠪᠡᠳᠴᠢᠨ ᠦ ᠭᠡᠮ ᠳᠦ ᠦᠵᠡᠭᠦᠯᠬᠦ ᠴᠠᠭ (ᠬᠤᠭ᠋ᠤᠴᠠᠭᠠ) ᠤᠨ ᠨᠦᠯᠦᠭᠡ᠂ ᠡᠪᠡᠳᠴᠢᠨ ᠡᠰᠡᠷᠭᠦᠴᠡᠬᠦ ᠬᠦᠴᠦᠨ ᠳᠦ ᠦᠵᠡᠭᠦᠯᠬᠦ ᠴᠠᠭ ᠬᠤᠭ᠋ᠤᠴᠠᠭᠠ ᠶᠢᠨ ᠨᠦᠯᠦᠭᠡ ᠵᠡᠷᠭᠡ 2 ᠲᠠᠯ᠎ᠠ ᠠᠴᠠ ᠲᠠᠢᠯᠪᠤᠷᠢᠯᠠᠵᠤ ᠵᠢᠷᠭ᠋ᠤᠭ᠋ᠠᠨ ᠠᠭ᠋ᠤᠷ ᠤᠨ ᠡᠪᠡᠳᠴᠢᠨ ᠦ ᠬᠦᠨᠳᠦᠷᠡᠯᠲᠡ ᠨᠠᠮᠳᠠᠯᠳᠠ᠂ ᠬᠦᠭᠵᠢᠯᠲᠡ ᠪᠤᠴᠠᠯᠲᠠ ᠶᠢᠨ ᠵᠢᠮ᠎ᠡ ᠬᠠᠤᠯᠢ ᠶᠢ ᠤᠯᠠᠷᠢᠯ ᠢ ᠳᠠᠭ᠋ᠠᠨ ᠬᠤᠪᠢᠷᠠᠬᠤ ᠵᠢᠮ᠎ᠡ ᠬᠠᠤᠯᠢ᠂ ᠰᠠᠷ᠎ᠠ ᠳᠤᠲᠤᠷᠠᠬᠢ ᠬᠤᠪᠢᠷᠠᠯᠲᠠ ᠶᠢᠨ ᠵᠢᠮ᠎ᠡ ᠬᠠᠤᠯᠢ᠂ ᠬᠤᠨ᠋ᠤᠭ ᠢ ᠳᠠᠭ᠋ᠠᠨ ᠬᠤᠪᠢᠷᠠᠬᠤ ᠵᠢᠮ᠎ᠡ ᠬᠠᠤᠯᠢ᠂ ᠨᠢᠭᠡ ᠬᠤᠨ᠋ᠤᠭ ᠳᠤᠲᠤᠷᠠᠬᠢ ᠬᠤᠪᠢᠷᠠᠯᠲᠠ ᠶᠢᠨ ᠵᠢᠮ᠎ᠡ ᠬᠠᠤᠯᠢ ᠵᠡᠷᠭᠡ 4 ᠲᠠᠯ᠎ᠠ ᠠᠴᠠ ᠬᠠᠢᠨ ᠰᠢᠨᠵᠢᠯᠡᠪᠡ᠃ |
Original Literature |
No Original Paper
|
出自 |
内蒙古民族大学学报(自然科学)
2001年
第2期
|