Paper Information


Title ᠮᠣᠩ᠋ᠭᠤᠯ ᠠᠨᠠᠭᠠᠬᠤ ᠤᠬᠠᠭᠠᠨ ᠤ ᠦᠨᠳᠦᠰᠦᠨ ᠡᠪᠡᠳᠴᠢᠨ ᠪᠡ ᠦᠨᠳᠦᠰᠦᠨ ᠡᠪᠡᠳᠴᠢᠨ ᠦ ᠢᠯᠭᠠᠪᠤᠷᠢᠯᠠᠯ ᠤᠨ ᠲᠤᠬᠠᠢ ᠰᠤᠳᠤᠯᠭᠠᠨ ᠤ ᠲᠤᠢ᠌ᠮᠤ
Creator ᠪᠤᠤ ᠬᠠᠢ ᠯᠠᠨ
Keyword ᠮᠣᠩ᠋ᠭᠤᠯ ᠠᠨᠠᠭᠠᠬᠤ ᠤᠬᠠᠭᠠᠨ; ᠦᠨᠳᠦᠰᠦᠨ ᠡᠪᠡᠳᠴᠢᠨ; ᠦᠨᠳᠦᠰᠦᠨ ᠡᠪᠡᠳᠴᠢᠨ ᠦ ᠢᠯᠭᠠᠪᠤᠷᠢᠯᠠᠯ
Abstract ᠵᠤᠬᠢᠶᠠᠯ ᠳᠤ ᠮᠣᠩ᠋ᠭᠤᠯ ᠠᠨᠠᠭᠠᠬᠤ ᠤᠬᠠᠭᠠᠨ ᠤ ᠣᠨᠣᠯ ᠤᠨ ᠰᠢᠰᠲ᠋ᠧᠮ ᠦᠨ ᠴᠢᠬᠤᠯᠠ ᠪᠦᠷᠢᠯᠳᠦᠭᠦᠨ ᠬᠡᠰᠡᠭ ᠪᠤᠯᠬᠤ ᠦᠨᠳᠦᠰᠦᠨ ᠡᠪᠡᠳᠴᠢᠨ ᠦ ᠣᠨᠣᠯ ᠪᠠ ᠦᠨᠳᠦᠰᠦᠨ ᠡᠪᠡᠳᠴᠢᠨ ᠢ ᠢᠯᠭᠠᠪᠤᠷᠢᠯᠠᠨ ᠰᠢᠨᠵᠢᠯᠡᠬᠦ ᠣᠨᠣᠯ ᠤᠨ ᠲᠤᠬᠠᠢ ᠰᠤᠳᠤᠯᠤᠨ ᠬᠤᠷᠢᠶᠠᠩ᠋ᠭᠤᠢ᠌ᠯᠠᠵᠤ᠂ ᠲᠡᠭᠦᠨ ᠦ ᠲᠤᠬᠠᠢ ᠤᠯᠠᠮ ᠨᠢᠭᠡ ᠠᠯᠬᠤᠮ ᠭᠦᠨᠵᠡᠭᠡᠢ ᠣᠢ᠌ᠯᠠᠭᠠᠯᠲᠠ ᠲᠠᠢ ᠪᠤᠯᠬᠤ ᠶᠢ ᠵᠤᠷᠢᠪᠠ᠃ ᠡᠭᠦᠨ ᠳᠦ ᠭᠤᠤᠯᠳᠠᠭᠤ ᠡᠷᠲᠡᠨ ᠦ ᠰᠤᠷᠪᠤᠯᠵᠢ ᠪᠢᠴᠢᠭ᠌ ᠦᠳ ᠦᠨ ᠳᠤᠲᠤᠷ᠎ᠠ ᠠᠴᠠ 《ᠠᠨᠠᠭᠠᠬᠤ ᠤᠬᠠᠭᠠᠨ ᠤ ᠳᠦᠷᠪᠡᠨ ᠦᠨᠳᠦᠰᠦ》ᠪᠡ ᠲᠡᠭᠦᠨ ᠦ ᠲᠠᠢ᠌ᠯᠪᠤᠷᠢ ᠨᠦᠯᠦᠪᠦᠷᠢ ᠵᠤᠬᠢᠶᠠᠯ ᠤᠳ ᠲᠤ ᠬᠡᠢ᠂ ᠰᠢᠷ᠎ᠠ᠂ ᠪᠠᠳ᠌ᠭᠠᠨ ᠭᠤᠷᠪᠠᠨ ᠭᠡᠮ ᠪᠡ ᠭᠡᠮ ᠢ ᠰᠢᠨᠵᠢᠯᠡᠬᠦ ᠲᠠᠯ᠎ᠠ ᠪᠠᠷ 《ᠳᠦᠷᠪᠡᠨ ᠷᠠᠰᠢᠶᠠᠨ》᠋ ᠳᠤ᠂ ᠬᠡᠢ᠂ ᠰᠢᠷ᠎ᠠ᠂ ᠪᠠᠳ᠌ᠭᠠᠨ᠂ ᠴᠢᠰᠦ᠂ ᠰᠢᠷ᠎ᠠ ᠤᠰᠤ᠂ ᠬᠤᠷᠤᠬᠠᠢ ᠨᠢᠶᠠᠨ ᠵᠡᠷᠭᠡ ᠦᠨᠳᠦᠰᠦᠨ ᠵᠢᠷᠭᠤᠭᠠᠨ ᠡᠪᠡᠳᠴᠢᠨ ᠪᠡ ᠦᠨᠳᠦᠰᠦᠨ ᠡᠪᠡᠳᠴᠢᠨ ᠦ ᠢᠯᠭᠠᠪᠤᠷᠢ ᠶᠢ ᠣᠯᠬᠤ ᠲᠠᠯ᠎ᠠ ᠪᠠᠷ ᠳᠡᠯᠭᠡᠨ ᠦᠵᠡᠭᠦᠯᠵᠡᠢ᠃ ᠡᠭᠦᠨ ᠦ ᠬᠠᠮᠲᠤ ᠴᠢᠭᠴᠢᠲᠦ ᠶᠢᠨ ᠡᠪᠡᠳᠴᠢᠨ ᠦ ᠰᠢᠨᠵᠢ ᠲᠡᠮᠳᠡᠭ ᠢ ᠵᠠᠳᠠᠯᠤᠨ ᠰᠢᠨᠵᠢᠯᠡᠬᠦ ᠶᠢᠨ ᠰᠠᠭᠤᠷᠢ ᠳᠡᠭᠡᠷ᠎ᠡ ᠪᠦᠷᠢᠯᠳᠦᠰᠡᠨ ᠦᠨᠳᠦᠰᠦᠨ ᠡᠪᠡᠳᠴᠢᠨ ᠢ ᠢᠯᠭᠠᠨ ᠰᠢᠨᠵᠢᠯᠡᠬᠦ ᠦᠵᠡᠯᠲᠡ ᠪᠡ ᠪ‍᠂ ᠵᠢᠭᠮᠡᠳ ᠦᠨ ᠰᠢᠯᠲᠠᠭᠠᠨ ᠪᠠ ᠡᠪᠡᠳᠴᠢᠯᠡᠬᠦ ᠶᠤᠰᠤᠨ ᠤ ᠡᠭᠦᠳᠡᠨ ᠡᠴᠡ ᠦᠨᠳᠦᠰᠦᠨ ᠡᠪᠡᠳᠴᠢᠨ  ᠣᠨᠣᠯ ᠢᠶᠠᠷ ᠢᠯᠭᠠᠨ ᠰᠢᠨᠵᠢᠯᠡᠬᠦ ᠦᠵᠡᠯᠲᠡ ᠶᠢ ᠲᠠᠢ᠌ᠯᠪᠤᠷᠢᠯᠠᠬᠤ ᠪᠠᠷ ᠳᠠᠮᠵᠢᠨ᠂ ᠮᠣᠩ᠋ᠭᠤᠯ ᠠᠨᠠᠭᠠᠬᠤ ᠤᠬᠠᠭᠠᠨ ᠤ ᠦᠨᠳᠦᠰᠦᠨ ᠡᠪᠡᠳᠴᠢᠨ ᠪᠡ ᠦᠨᠳᠦᠰᠦᠨ ᠡᠪᠡᠳᠴᠢᠨ ᠦ ᠢᠯᠭᠠᠪᠤᠷᠢᠯᠠᠯ ᠤᠨ ᠣᠨᠣᠯ ᠪᠤᠯ ᠡᠪᠡᠳᠴᠢᠨ ᠡᠮᠬᠡᠭ᠌ ᠢ ᠣᠨᠣᠰᠢᠯᠠᠨ ᠵᠠᠰᠠᠬᠤ ᠶᠢᠨ ᠵᠢᠯᠤᠭᠤᠳᠬᠤ ᠴᠢᠨᠠᠷᠲᠠᠢ ᠣᠨᠣᠯ ᠪᠤᠯᠬᠤ ᠶᠢ ᠵᠢᠭᠠᠨ ᠭᠠᠷᠭᠠᠵᠤ᠂ ᠲᠡᠭᠦᠨ ᠦ ᠣᠨᠣᠯ ᠡᠮᠴᠢᠯᠡᠭᠡ ᠳᠦ ᠦᠵᠡᠭᠦᠯᠦᠭᠰᠡᠨ ᠦᠢᠯᠡᠳᠦᠯ ᠢ ᠳᠤᠪᠤᠢ᠌ᠯᠭᠠᠵᠠᠢ᠃
Original Literature View Original Paper
出自 内蒙古民族大学学报(自然科学) 2013年 第2期

联系我们


内蒙古大学图书馆
呼和浩特市大学西路235号
中国·内蒙古
P: (0471) 4992561
E: huangfeilong@imu.edu.cn