Paper Information


Title 20ᠳ᠋ᠤᠭᠠᠷ ᠵᠠᠭᠤᠨ ᠦ ᠮᠣᠩᠭᠣᠯ ᠤᠳᠬ᠎ᠠ ᠵᠤᠬᠢᠶᠠᠯ ᠤᠨ ᠳᠡᠦᠬᠡ ᠰᠤᠳᠤᠯᠤᠯ ᠤᠨ ᠠᠭᠤᠯᠭ᠎ᠠ ᠬᠢᠭᠡᠳ ᠬᠡᠪᠰᠢᠯ— ᠮᠣᠩᠭᠣᠯ ᠤᠳᠬ᠎ᠠ ᠵᠤᠬᠢᠶᠠᠯ ᠤᠨ ᠨᠡᠪᠳᠡᠷᠭᠡᠢ ᠲᠡᠦᠬᠡ ᠶᠢᠨ ᠲᠤᠬᠠᠢ
Creator ᠰ᠌᠂ ᠤᠷᠤᠰᠬᠠᠯ
Keyword ᠮᠣᠩᠭᠣᠯ ᠤᠳᠬ᠎ᠠ ᠵᠤᠬᠢᠶᠠᠯ ᠤᠨ ᠳᠡᠦᠬᠡ ᠰᠤᠳᠤᠯᠤᠯᠭᠠᠨ ; ᠨᠡᠪᠳᠡᠷᠭᠡᠢ ᠲᠡᠦᠬᠡ; ᠤᠳᠬ᠎ᠠ ᠵᠤᠬᠢᠶᠠᠯ ᠤᠨ ᠬᠦᠮᠦᠵᠢᠯ; ᠤᠳᠬ᠎ᠠ ᠵᠤᠬᠢᠶᠠᠯ ᠤᠨ ᠦᠵᠡᠭᠳᠡᠯ;   ᠮᠣᠩᠭᠣᠯ ᠤᠳᠬ᠎ᠠ ᠵᠤᠬᠢᠶᠠᠯ ᠤᠨ ᠤᠯᠠᠨ ᠳᠡᠪᠬᠤᠷᠭᠠᠲᠤ ᠲᠤᠭᠳᠠᠯᠴᠠᠭ᠎ᠠ
Abstract ᠮᠣᠩᠭᠣᠯ ᠤᠳᠬ᠎ᠠ ᠵᠤᠬᠢᠶᠠᠯ ᠤᠨ ᠳᠡᠦᠬᠡ ᠰᠤᠳᠤᠯᠤᠯᠭᠠᠨ ᠳᠤ ᠨᠡᠪᠳᠡᠷᠭᠡᠢ ᠲᠡᠦᠬᠡ ᠬᠠᠮᠤᠭ ᠤᠯᠠᠨ ᠬᠡᠪᠯᠡᠭᠳᠡᠵᠦ ᠪᠠᠢ᠌ᠨ᠎ᠠ᠃ ᠳᠡᠳᠡᠭᠡᠷ ᠤᠨ ᠪᠠᠭᠳᠠᠭᠠᠭᠰᠠᠨ ᠠᠭᠤᠯᠭ᠎ᠠ ᠪᠠ ᠲᠤᠭᠤᠷᠪᠢᠭᠰᠠᠨ ᠠᠷᠭ᠎ᠠ ᠶᠢ ᠦᠨᠳᠦᠰᠦᠯᠡᠵᠦ᠂ ᠶᠡᠬᠡ ᠳᠡᠭᠡᠲᠤ ᠰᠣᠷᠭᠠᠭᠣᠯᠢ ᠶᠢᠨ ᠰᠤᠷᠬᠤ ᠪᠢᠴᠢᠭ᠌᠂ ᠲᠡᠦᠬᠡ ᠰᠤᠳᠤᠯᠭᠠᠨ ᠦ ᠬᠡᠪ ᠵᠠᠭᠪᠤᠷ ᠢ ᠰᠦᠪᠡᠭ᠍ᠴᠢᠯᠡᠭᠰᠡᠨ ᠪᠠ ᠪᠦᠷᠢᠨ ᠲᠤᠯᠢ ᠶᠢᠨ ᠰᠢᠨᠵᠢ ᠲᠠᠢ ᠪᠦᠳᠦᠭᠡᠯ ᠭᠡᠬᠦ ᠭᠤᠷᠪᠠᠨ ᠲᠦᠷᠦᠯ ᠳᠤ ᠠᠩᠬᠢᠯᠡᠵᠦ ᠪᠤᠯᠤᠨ᠎ᠠ᠃ ᠡᠳᠡᠭᠡᠷ ᠪᠦᠳᠦᠭᠡᠯ ᠨᠢ ᠲᠤᠰ ᠪᠦᠷᠢ ᠤᠳᠬ᠎ᠠ ᠵᠤᠬᠢᠶᠠᠯ ᠤᠨ ᠬᠦᠮᠦᠵᠢᠯ ᠪᠠ ᠰᠤᠷᠬᠤ ᠪᠢᠴᠢᠭ᠌ ᠤᠨ ᠲᠦᠷᠢᠮᠵᠢᠯ᠂ ᠤᠳᠬ᠎ᠠ ᠵᠤᠬᠢᠶᠠᠯ ᠤᠨ ᠦᠵᠡᠭᠳᠡᠯ ᠪᠠ ᠳᠡᠦᠬᠡ ᠰᠤᠳᠤᠯᠤᠯ ᠤᠨ ᠰᠦᠪᠡᠭ᠍ᠴᠢᠯᠡᠯ᠂ ᠳᠡᠦᠬᠡ ᠶᠢᠨ ᠴᠤᠭᠴᠠᠯᠠᠯ ᠪᠠ ᠰᠢᠨᠵᠢᠯᠡᠭᠡᠨ ᠦ ᠲᠤᠭᠳᠠᠯᠴᠠᠭ᠎ᠠ ᠵᠡᠷᠭᠡ ᠲᠠᠯ ᠠ ᠪᠡᠷ ᠰᠢᠨᠵᠢᠯᠡᠭᠡᠨ ᠦ ᠰᠢᠰᠲ᠋ᠸᠮ ᠢ ᠪᠦᠷᠢᠯᠳᠦᠭᠦᠯᠵᠡᠢ᠃ ᠮᠣᠩᠭᠣᠯ ᠤᠳᠬ᠎ᠠ ᠵᠤᠬᠢᠶᠠᠯ ᠤᠨ ᠲᠡᠦᠬᠡ ᠰᠤᠳᠤᠯᠭᠠᠨ ᠦ ᠤᠯᠠᠨ ᠲᠠᠪᠬᠤᠷᠭᠠᠲᠤ ᠲᠤᠭᠳᠠᠯᠴᠠᠭ᠎ᠠ ᠶᠢ ᠴᠤᠭᠴᠠᠯᠠᠬᠤ ᠪᠤᠯ ᠳᠤᠰ ᠰᠢᠨᠵᠢᠯᠡᠭᠡᠨ ᠦ ᠴᠢᠬᠤᠯᠠ ᠠᠭᠤᠯᠭ᠎ᠠ ᠮᠦᠨ᠃
Original Literature View Original Paper
出自 内蒙古社会科学(蒙文版) 2008年 第4期

联系我们


内蒙古大学图书馆
呼和浩特市大学西路235号
中国·内蒙古
P: (0471) 4992561
E: huangfeilong@imu.edu.cn