Paper Information


Title 《ᠵᠠᠩᠭᠠᠷ》 ᠤᠨ ᠲᠤᠤᠯᠢ ᠳᠠᠬᠢ ᠬᠤᠨ ᠰᠢᠪᠠᠭᠤᠨ ᠳᠤ ᠬᠤᠪᠢᠯᠬᠤ ᠮᠤᠲ᠋ᠢᠹ ᠤᠨ ᠲᠤᠬᠠᠢ ᠳᠦᠭᠦᠮ ᠦᠭᠦᠯᠡᠬᠦ ᠨᠢ
Creator ᠭᠡᠭᠡᠨᠰᠤᠪᠤᠳ
Keyword 《ᠵᠠᠩᠭᠠᠷ》 ᠤᠨ ᠲᠤᠤᠯᠢ; ᠬᠤᠨ ᠰᠢᠪᠠᠭᠤᠨ ᠳᠤ ᠬᠤᠪᠢᠯᠬᠤ ᠮᠤᠲ᠋ᠢᠹ
Abstract 《ᠵᠠᠩᠭᠠᠷ》 ᠤᠨ ᠲᠤᠤᠯᠢ ᠳᠤ ᠬᠠᠲᠤᠳ ᠠᠪᠠᠬᠠᠢ᠂ ᠲᠡᠭᠷᠢ ᠶᠢᠨ ᠳᠠᠬᠢᠨᠢ ᠪᠤᠯᠤᠨ ᠪᠠᠭᠠᠲᠤᠷ ᠢᠳᠡᠲᠡᠨ ᠵᠢᠴᠢ ᠲᠡᠭᠦᠨ ᠦ ᠬᠦᠯᠦᠭ ᠮᠤᠷᠢ ᠬᠤᠨ ᠰᠢᠪᠠᠭᠤᠨ ᠳᠤ ᠬᠤᠪᠢᠯᠬᠤ ᠦᠵᠡᠭᠳᠡᠯ ᠪᠠᠢᠩᠭᠤ ᠲᠤᠬᠢᠶᠠᠯᠳᠤᠳᠠᠭ᠃ ᠡᠨᠡ ᠨᠢ ᠡᠷᠲᠡᠨ ᠦ ᠳᠤᠮᠤᠭ ᠦᠯᠢᠭᠡᠷ ᠲᠦ ᠢᠯᠡᠷᠡᠳᠡᠭ ᠬᠤᠨ ᠰᠢᠪᠠᠭᠤᠨ ᠬᠡᠦᠬᠡᠨ ᠦ ᠮᠤᠲ᠋ᠢᠹ ᠠᠴᠠ ᠢᠷᠡᠯ ᠲᠡᠢ ᠪᠦᠭᠡᠳ ᠨᠡᠢᠭᠡᠮ ᠲᠡᠦᠬᠡ ᠶᠢᠨ ᠬᠦᠭᠵᠢᠯᠲᠡ ᠪᠤᠯᠤᠨ ᠬᠦᠮᠦᠰ ᠦᠨ ᠦᠵᠡᠯ ᠤᠬᠠᠮᠰᠠᠷ ᠤᠨ ᠳᠡᠭᠡᠭᠰᠢᠯᠡᠯᠲᠡ ᠶᠢᠨ ᠨᠦᠯᠦᠭᠡᠨ ᠡᠴᠡ ᠪᠤᠯᠵᠤ ᠵᠤᠬᠢᠬᠤ ᠬᠤᠪᠢᠷᠠᠯᠲᠠ ᠲᠠᠢ ᠪᠤᠯᠤᠭᠰᠠᠨ ᠪᠠᠢᠨ᠎ᠠ᠃ ᠲᠤᠰ ᠦᠭᠦᠯᠡᠯ ᠳᠦ 《ᠵᠠᠩᠭᠠᠷ》 ᠤᠨ ᠡᠯ᠎ᠡ ᠪᠡᠷ ᠬᠡᠪᠯᠡᠯ ᠢᠶᠡᠷ ᠡᠬᠡ ᠬᠡᠷᠡᠭᠯᠡᠭᠳᠡᠭᠦᠨ ᠢᠶᠡᠨ ᠪᠤᠯᠭᠠᠨ᠂ ᠲᠡᠭᠦᠨ ᠦ ᠳᠤᠲᠤᠷᠠᠬᠢ ᠬᠤᠨ ᠰᠢᠪᠠᠭᠤᠨ ᠳᠤ ᠬᠤᠯᠪᠤᠭᠳᠠᠬᠤ ᠦᠭᠦᠯᠡᠮᠵᠢ ᠶᠢ ᠰᠢᠭᠦᠨ ᠡᠮᠬᠢᠳᠭᠡᠵᠦ᠂ ᠲᠤᠤᠯᠢ ᠳᠠᠬᠢ ᠬᠤᠨ ᠰᠢᠪᠠᠭᠤᠨ ᠳᠤ ᠬᠤᠪᠢᠯᠬᠤ ᠮᠤᠲ᠋ᠢᠹ ᠤᠨ ᠢᠷᠡᠯ ᠵᠢᠴᠢ ᠬᠤᠪᠢᠷᠠᠯ ᠬᠦᠭᠵᠢᠯ ᠢ ᠬᠠᠢᠨ ᠰᠢᠨᠵᠢᠯᠡᠪᠡ᠃
Original Literature View Original Paper
出自 中国蒙古学 2015年 第4期

联系我们


内蒙古大学图书馆
呼和浩特市大学西路235号
中国·内蒙古
P: (0471) 4992561
E: huangfeilong@imu.edu.cn