Paper Information


Title ᠮᠣᠩᠭ᠋ᠤᠯ ᠣᠷᠤᠨ ᠳᠤ ᠤᠯᠠᠮᠵᠢᠯᠠᠭᠳᠠᠭᠰᠠᠨ ᠬᠤᠯᠤᠭᠠᠨ᠌ ᠠ ᠵᠢ ᠪᠠᠰᠤᠮᠵᠢᠯᠠᠭᠰᠠᠨ ᠵᠠᠭᠠᠨ ᠤ ᠦᠯᠢᠭᠡᠷ ᠤᠨ ᠬᠡᠪ ᠰᠢᠨᠵᠢ ᠶᠢᠨ ᠰᠣᠳᠣᠯᠣᠯ
Creator ᠰᠢ ᠬᠠᠰᠪᠠᠭᠠᠲᠤᠷ
Keyword ᠬᠤᠯᠤᠭᠠᠨ᠌ ᠠ ᠵᠢ ᠪᠠᠰᠤᠮᠵᠢᠯᠠᠭᠰᠠᠨ ᠵᠠᠭᠠᠨ ᠤ ᠦᠯᠢᠭᠡᠷ ; ᠬᠡᠪ ᠰᠢᠨᠵᠢ ;ᠬᠠᠷᠢᠴᠠᠭᠤᠯᠤᠨ ᠰᠣᠳᠤᠯᠬᠤ
Abstract ᠦᠭᠦᠯᠡᠯ ᠳᠤ ᠡᠨᠡᠳᠭᠡᠭ᠌ᠭᠠᠷᠤᠯᠲᠠᠢ ᠦᠯᠢᠭᠡᠷ ᠪᠣᠯᠬᠤ ᠬᠤᠯᠤᠭᠠᠨ᠌ ᠠ ᠵᠢ ᠪᠠᠰᠤᠮᠵᠢᠯᠠᠭᠰᠠᠨ ᠵᠠᠭᠠᠨ ᠤ ᠦᠯᠢᠭᠡᠷ ᠤᠨ ᠬᠡᠪ ᠰᠢᠨᠵᠢ ᠶᠢᠨ ᠦᠨᠳᠦᠰᠦᠨ ᠪᠠᠢᠢᠳᠠᠯ᠂ ᠲᠠᠷᠬᠠᠯᠲᠠ ᠶᠢᠨ ᠣᠷᠤᠨ᠂ᠮᠣᠩᠭ᠋ᠤᠯ ᠣᠷᠤᠨ ᠳᠤ ᠤᠯᠠᠮᠵᠢᠯᠠᠭᠳᠠᠭᠰᠠᠨ ᠵᠠᠮ ᠮᠦᠷ ᠪᠠ ᠲᠡᠳ᠋ ᠬᠡᠪ ᠰᠢᠨᠵᠢ᠂ ᠣᠨᠴᠠᠯᠢᠭ᠂ ᠮᠣᠩᠭ᠋ᠤᠯ ᠰᠣᠶᠣᠯ ᠳᠡᠬᠢ ᠦᠢᠯᠡᠳᠦᠯ ᠵᠡᠷᠭᠡ ᠵᠢ ᠲᠡᠦᠬᠡ ᠭᠠᠵᠠᠷ ᠵᠦᠢ ᠶᠢᠨ ᠪᠦᠯᠦᠭᠲᠡᠨ ᠤ ᠬᠡᠪ ᠰᠢᠨᠵᠢ ᠳᠰᠣᠳᠯᠬᠤ ᠠᠷᠭ᠋ ᠠ ᠪᠡᠷ ᠬᠠᠢᠢᠨ ᠰᠦᠪᠡᠭ᠍ᠴᠢᠯᠡᠵᠡᠢ᠃ ᠭᠡᠬᠦ ᠳ᠋ᠡᠭᠡᠨ ᠪᠣᠳᠠᠲᠤ ᠮᠠᠲ᠋ᠸᠷᠢᠶᠠᠯ ᠳᠤ ᠰᠠᠭᠤᠷᠢᠯᠠᠨ ᠬᠤᠯᠤᠭᠠᠨ᠌ ᠠ ᠵᠢ ᠪᠠᠰᠤᠮᠵᠢᠯᠠᠭᠰᠠᠨ ᠵᠠᠭᠠᠨ  ᠤ ᠦᠯᠢᠭᠡᠷ ᠤᠨ ᠬᠡᠪ ᠰᠢᠨᠵᠢ ᠳ᠋ᠤ ᠣᠮᠤᠭ ᠶᠡᠬᠡᠲᠦ ᠡᠴᠡ ᠤᠯᠠᠨ ᠳᠤ ᠦᠭ᠍ᠭᠦᠭ᠍ᠰᠡᠨ ᠭᠠᠮᠰᠢᠭ ᠭᠡᠬᠦ ᠦᠯᠢᠭᠡᠷ ᠤᠨ ᠬᠡᠪ ᠰᠢᠨᠵᠢ᠂ ᠬᠤᠯᠤᠭᠠᠨ᠌ ᠠ ᠵᠠᠭᠠᠨ ᠢ ᠰᠢᠢᠳᠭᠡᠭ᠍ᠰᠡᠨ ᠬᠡᠭᠦ ᠦᠯᠢᠭᠡᠷ ᠤᠨ ᠬᠡᠪ ᠰᠢᠨᠵᠢ᠂ᠲᠤᠰᠠᠲᠤ ᠵᠠᠭᠠᠨ ᠪᠠ ᠴᠠᠢᠲᠤ ᠬᠤᠯᠤᠭᠠᠨ᠋ ᠠ ᠬᠠᠷᠢᠯᠴᠠᠨ ᠲᠤᠰᠠᠯᠠᠯᠴᠠᠭᠰᠠᠨ ᠦᠯᠢᠭᠡᠷ ᠤᠨ ᠬᠡᠪ ᠰᠢᠨᠵᠢ ᠬᠡᠭᠦ ᠭᠤᠷᠪᠠᠨ ᠵᠦᠢᠯ ᠤᠨ ᠲᠡᠳ᠋ ᠬᠡᠪ ᠰᠢᠨᠵᠢ ᠶᠢᠨ ᠣᠨᠴᠠᠯᠢᠭ ᠢ ᠠᠪᠤᠷᠭᠤ ᠠᠮᠢᠲᠠᠨ ᠪᠠ ᠵᠢᠵᠢᠭ ᠠᠮᠢᠲᠠᠨ ᠢ ᠵᠦᠷᠢᠴᠡᠯᠳᠦᠭᠦᠯᠬᠦ ᠪᠣᠶᠣ ᠡᠪᠰᠡᠭᠦᠯᠬᠦ ᠮᠠᠶᠢᠭ ᠢᠢᠡᠷ ᠰᠡᠳᠬᠢᠭᠦ ᠰᠢᠨᠵᠢ᠂《ᠪᠠᠷᠲᠠᠮ ᠳᠤ ᠰᠠᠢᠢᠨ ᠦᠭᠡᠢ᠂ ᠱᠯᠠᠳᠠᠩ ᠳᠤ ᠲᠤᠯᠠᠭᠠᠨ ᠦᠭᠡᠢ》ᠭᠡᠬᠦ ᠠᠭᠤᠯᠭ᠋ ᠠ ᠰᠢᠨᠵᠢ᠂ ᠤᠵᠠᠭᠤᠷ ᠰᠣᠶᠣᠯ ᠤᠨ ᠰᠢᠨᠵᠢ ᠭᠡᠬᠦ ᠭᠤᠷᠪᠠᠨ ᠲᠠᠯ ᠠ ᠪᠡᠷ ᠰᠢᠨᠵᠢᠯᠡᠭᠰᠡᠨ ᠰᠠᠭᠤᠷᠢ ᠲᠡᠭᠡᠷ ᠡ ᠬᠤᠯᠤᠭᠠᠨ᠌ ᠠ ᠵᠢ ᠪᠠᠤᠮᠵᠢᠯᠠᠭᠰᠠᠨ ᠵᠠᠭᠠᠨ  ᠤ ᠦᠯᠢᠭᠡᠷ ᠤᠨ ᠬᠡᠪ ᠰᠢᠨᠵᠢ  ᠶᠢᠨ ᠮᠣᠩᠭ᠋ᠤᠯ ᠰᠣᠲᠣᠯ ᠳᠡᠬᠢ ᠦᠢᠯᠡᠳᠦᠯ  ᠢ ᠬᠠᠢᠢᠨ ᠰᠦᠪᠡᠭ᠍ᠴᠢᠯᠡᠵᠡᠢ᠃
Original Literature View Original Paper
出自 西北民族大学学报 2010年 第2期

联系我们


内蒙古大学图书馆
呼和浩特市大学西路235号
中国·内蒙古
P: (0471) 4992561
E: huangfeilong@imu.edu.cn