Paper Information


Title ᠮᠣᠩᠭᠤᠯ ᠪᠢᠴᠢᠭ ᠦᠨ ᠬᠡᠯᠡᠨ ᠦ 《ᠰᠢᠦ ᠳ᠋ᠠ》 ᠶᠢᠨ ᠶᠠᠷᠢᠶᠠᠨ ᠤ ᠬᠡᠯᠡᠨ ᠳᠦ ᠠᠳᠠᠯᠢ ᠪᠤᠰᠤ ᠬᠠᠨᠳᠤᠯᠭ᠎ᠠ ᠤᠳᠬ᠎ᠠ ᠢᠯᠡᠳᠭᠡᠬᠦ ᠬᠡᠯᠪᠡᠷᠢ
Creator ᠴᠢ ᠪᠠᠢ ᠯᠢᠩ
Keyword ᠬᠠᠨᠳᠤᠯᠭ᠎ᠠ ᠤᠳᠬ᠎ᠠ; ᠰᠢᠦ ᠳ᠋ᠠ; ᠬᠠᠷᠢᠯᠴᠠᠭᠠᠨ ᠤ ᠠᠵᠢᠯᠯᠠᠭ᠎ᠠ
Abstract ᠬᠠᠨᠳᠤᠯᠭ᠎ᠠ ᠤᠳᠬ᠎ᠠ ᠭᠡᠵᠦ ᠦᠭᠦᠯᠡᠭᠴᠢ ᠶᠢᠨ ᠦᠭᠦᠯᠡᠬᠦ ᠰᠡᠳᠦᠪ ᠦᠨ ᠠᠭᠤᠯᠭ᠎ᠠ ᠳᠤ ᠪᠠᠨ ᠬᠠᠨᠳᠤᠬᠤ ᠦᠵᠡᠯᠲᠡ᠂ ᠲᠠᠨᠢᠲᠯᠠ᠂ ᠣᠪᠤᠷ᠂ ᠰᠡᠳᠬᠢᠯᠭᠡ ᠬᠢᠭᠡᠳ ᠬᠡᠷᠡᠭ ᠤᠴᠢᠷ ᠤᠨ ᠡᠭᠦᠰᠦᠯ ᠬᠦᠭᠵᠢᠯ ᠦᠨ ᠪᠤᠯᠤᠯᠴᠠᠭᠠᠲᠤ ᠰᠢᠨᠵᠢ ᠶᠢᠨ ᠲᠤᠬᠠᠢ ᠲᠠᠭᠠᠮᠠᠭᠯᠠᠯ᠂ ᠲᠦᠰᠦᠭᠡᠯᠡᠯ ᠪᠤᠯᠤᠨ᠎ᠠ᠃ ᠮᠣᠩᠭᠤᠯ ᠬᠡᠯᠡᠨ ᠳᠦ ᠬᠠᠨᠳᠤᠯᠭ᠎ᠠ ᠤᠳᠬ᠎ᠠ ᠶᠢ ᠬᠠᠨᠳᠤᠯᠭ᠎ᠠ ᠦᠭᠡ ᠪᠡᠷ ᠢᠯᠡᠳᠭᠡᠬᠦ ᠡᠴᠡ ᠭᠠᠳᠠᠨ᠎ᠠ ᠪᠠᠰᠠ 《ᠰᠢᠦ ᠳ᠋ᠠ》 ᠭᠡᠬᠦ ᠮᠡᠲᠦ ᠶᠢᠨ ᠵᠠᠷᠢᠮ ᠰᠤᠯᠠ ᠦᠭᠡ ᠪᠡᠷ ᠴᠦ ᠢᠯᠡᠳᠭᠡᠳᠡᠭ᠃ ᠲᠤᠰ ᠦᠭᠦᠯᠡᠯ ᠳᠦ ᠬᠠᠨᠳᠤᠯᠭ᠎ᠠ ᠤᠳᠬ᠎ᠠ ᠶᠢᠨ ᠰᠤᠳᠤᠯᠭᠠᠨ ᠤ ᠲᠤᠬᠠᠢ ᠳᠦᠭᠦᠮ ᠦᠭᠦᠯᠡᠵᠦ᠂ ᠭᠤᠤᠯᠳᠠᠭᠤ ᠮᠣᠩᠭᠤᠯ ᠪᠢᠴᠢᠭ ᠦᠨ ᠬᠡᠯᠡᠨ ᠦ 《ᠰᠢᠦ ᠳ᠋ᠠ》 ᠭᠡᠬᠦ ᠰᠤᠯᠠ ᠦᠭᠡ ᠨᠢ ᠶᠠᠷᠢᠶᠠᠨ ᠳᠤ ᠠᠳᠠᠯᠢ ᠪᠤᠰᠤ ᠪᠠᠷ ᠬᠡᠯᠡᠭᠳᠡᠬᠦ ᠦᠶ᠎ᠡ ᠳᠦ ᠠᠳᠠᠯᠢ ᠪᠤᠰᠤ ᠶᠢᠨ ᠬᠠᠨᠳᠤᠯᠭ᠎ᠠ ᠤᠳᠬ᠎ᠠ ᠶᠢ ᠢᠯᠡᠳᠭᠡᠬᠦ ᠪᠦᠭᠡᠳ ᠲᠡᠷᠡ ᠨᠢ ᠦᠭᠦᠯᠡᠭᠴᠢ ᠶᠢᠨ ᠦᠭᠦᠯᠡᠬᠦ ᠬᠦᠭ ᠠᠶᠠᠰ ᠲᠠᠢ ᠬᠠᠮᠲᠤ ᠬᠠᠨᠳᠤᠯᠭ᠎ᠠ ᠤᠳᠬ᠎ᠠ ᠶᠢ ᠢᠯᠡᠳᠭᠡᠵᠦ᠂ ᠦᠭᠦᠯᠡᠭᠴᠢ ᠬᠢᠭᠡᠳ ᠰᠤᠨᠤᠰᠤᠭᠴᠢ ᠶᠢᠨ ᠬᠤᠭᠤᠷᠤᠨᠳᠤᠬᠢ ᠬᠠᠷᠢᠯᠴᠠᠭᠠᠨ ᠤ ᠠᠵᠢᠯᠯᠠᠭ᠎ᠠ ᠶᠢ ᠭᠦᠢᠴᠡᠳᠭᠡᠬᠦ ᠲᠤᠬᠠᠢ ᠦᠭᠦᠯᠡᠪᠡ᠃
Original Literature No Original Paper
出自 内蒙古民族大学学报(社会科学) 2015年 第3期

联系我们


内蒙古大学图书馆
呼和浩特市大学西路235号
中国·内蒙古
P: (0471) 4992561
E: huangfeilong@imu.edu.cn