Title |
ᠮᠣᠩ᠋ᠭᠤᠯ ᠣᠷᠤᠨ ᠤ ᠨᠤᠲᠤᠭ ᠤᠨ ᠵᠦᠭ ᠴᠢᠭ᠌ ᠦᠨ ᠲᠤᠬᠠᠢ (ᠨᠢᠭᠡ) —— ᠤᠮᠠᠷᠠᠲᠤ ᠶᠢᠨ ᠨᠡᠭᠦᠳᠡᠯᠴᠢᠨ ᠦᠨᠳᠦᠰᠦᠲᠡᠨ ᠦ ᠭᠡᠷ ᠪᠠᠷᠢᠯᠭ᠎ᠠ ᠪᠠ ᠡᠷᠲᠡᠨ ᠦ ᠬᠤᠲᠠ ᠰᠠᠭᠤᠷᠢᠨ᠂ ᠣᠩ᠋ᠭᠤᠨ ᠪᠤᠯᠠᠰᠢ ᠳᠤ ᠬᠢᠭ᠍ᠰᠡᠨ ᠳᠦᠭᠦᠮ ᠰᠢᠨᠵᠢᠯᠡᠭᠡ |
Creator |
ᠨᠠᠰᠤᠨᠳᠠᠯᠠᠢ |
Keyword |
ᠮᠣᠩ᠋ᠭᠤᠯ ᠣᠷᠤᠨ ᠤ ᠨᠤᠲᠤᠭ ᠤᠨ ᠵᠦᠭ ᠴᠢᠭ᠌; ᠤᠮᠠᠷᠠᠲᠤ ᠶᠢᠨ ᠨᠡᠭᠦᠳᠡᠯᠴᠢᠳ ᠦᠨ ᠬᠤᠲᠠ ᠰᠠᠭᠤᠷᠢᠨ ᠣᠩ᠋ᠭᠤᠨ ᠪᠤᠯᠠᠰᠢ |
Abstract |
ᠮᠣᠩ᠋ᠭᠤᠯ ᠣᠷᠤᠨ ᠤ ᠨᠤᠲᠤᠭ ᠤᠨ ᠵᠦᠭ ᠴᠢᠭ᠌ ᠨᠢ ᠮᠣᠩ᠋ᠭᠤᠯ ᠤᠨ ᠦᠨᠳᠦᠷᠯᠢᠭ᠌᠌ ᠲᠦ ᠰᠠᠭᠤᠷᠢᠰᠢᠵᠤ ᠦᠩᠭᠡᠷᠡᠭᠰᠡᠨ ᠡᠷᠲᠡᠨ ᠦ ᠨᠡᠭᠦᠳᠡᠯᠴᠢᠨ ᠦᠨᠳᠦᠰᠦᠲᠡ ᠨᠦᠬᠦᠳ ᠦᠨ ᠲᠡᠦᠬᠡ ᠭᠠᠵᠠᠷ ᠵᠦᠢ᠂ ᠰᠤᠶᠤᠯ ᠪᠤᠯᠪᠠᠰᠤᠨ ᠲᠠᠢ ᠨᠢᠭᠲᠠ ᠬᠠᠷᠢᠴᠠᠭ᠎ᠠ ᠬᠤᠯᠪᠤᠭ᠎ᠠ ᠪᠦᠬᠦᠢ ᠣᠨᠴᠠᠭᠠᠢ ᠵᠦᠭ ᠴᠢᠭ᠌ ᠪᠤᠯᠤᠨ᠎ᠠ᠃ ᠲᠡᠷᠡ ᠨᠢ ᠳᠡᠯᠡᠬᠡᠢ ᠨᠡᠢ᠋ᠲᠡ ᠶᠢᠨ ᠵᠦᠭ ᠴᠢᠭ᠌ ᠲᠡᠢ 45 ᠭᠷᠠᠳᠦ᠋ᠰ ᠣᠷᠴᠢᠮ ᠵᠦᠷᠢᠳᠡᠭ᠃ ᠲᠤᠰ ᠦᠭᠦᠯᠡᠯ ᠳᠦ ᠡᠨᠡ ᠬᠦ ᠣᠨᠴᠠᠭᠠᠢ ᠵᠦᠭ ᠴᠢᠭ᠌ ᠦᠨ ᠡᠭᠦᠰᠦᠯ ᠦᠨ ᠲᠤᠬᠠᠢ ᠲᠡᠦᠬᠡᠨ ᠭᠠᠵᠠᠷ ᠵᠦᠢ ᠶᠢᠨ ᠰᠤᠳᠤᠯᠭᠠᠨ ᠤ ᠠᠷᠭ᠎ᠠ ᠪᠠᠷ ᠲᠠᠢ᠌ᠯᠪᠤᠷᠢ ᠬᠢᠬᠦ ᠶᠢᠨ ᠬᠠᠮᠲᠤ᠂ ᠡᠷᠲᠡᠨ ᠦ ᠬᠤᠲᠠ ᠶᠢᠨ ᠪᠠᠭᠤᠷᠢ᠂ ᠣᠩ᠋ᠭᠤᠨ ᠪᠤᠯᠠᠰᠢ ᠵᠡᠷᠭᠡ ᠠᠷᠾᠧᠤᠯᠤᠬᠢ ᠶᠢᠨ ᠮᠠᠲ᠋ᠧᠷᠢᠶᠠᠯ ᠳᠤ ᠰᠠᠭᠤᠷᠢᠯᠠᠵᠤ ᠲᠠᠷᠢᠶᠠᠯᠠᠤ ᠰᠤᠶᠤᠯ ᠤᠨ ᠨᠦᠯᠦᠭᠡ ᠶᠢ ᠣᠯᠤᠭ᠎ᠠ ᠦᠡᠢ ᠪᠠᠢ᠌ᠭᠰᠠᠨ ᠤᠮᠠᠷᠠᠲᠤ ᠶᠢᠨ ᠨᠡᠭᠦᠳᠡᠯᠴᠢᠨ ᠦᠨᠳᠦᠰᠦᠲᠡᠨ ᠨᠦᠬᠦᠳ ᠦᠪᠡᠷ ᠦᠨ ᠬᠤᠲᠠ ᠰᠠᠭᠤᠷᠢᠨ᠂ ᠣᠩ᠋ᠭᠤᠨ ᠪᠤᠯᠠᠰᠢ ᠪᠠᠨ ᠵᠡᠭᠦᠨ ᠡᠮᠦᠨᠡᠰᠢ ᠪᠠᠷᠠᠭᠤᠨ ᠬᠤᠢ᠌ᠰᠢ ᠴᠢᠭᠯᠡᠯ ᠢᠶᠡᠷ ᠵᠤᠬᠢᠶᠠᠨ ᠪᠠᠢ᠌ᠷᠢᠰᠢᠭᠤᠯᠵᠤ ᠪᠠᠢ᠌ᠭᠰᠠᠨ ᠢ ᠨᠤᠲᠠᠯᠠᠨ ᠶᠠᠷᠢᠵᠤ᠂ ᠮᠣᠩ᠋ᠭᠤᠯ ᠣᠷᠤᠨ ᠤ ᠨᠤᠲᠤᠭ ᠤᠨ ᠵᠦᠭ ᠴᠢᠭ᠌ ᠪᠤᠯ ᠡᠷᠲᠡ ᠳᠡᠭᠡᠷ᠎ᠡ ᠦᠶ᠎ᠡ ᠡᠴᠡ ᠤᠮᠠᠷᠠᠲᠤ ᠶᠢᠨ ᠨᠡᠭᠦᠳᠡᠯᠴᠢᠨ ᠦᠨᠳᠦᠰᠦᠲᠡᠨ ᠦ ᠳᠤᠮᠳᠠ ᠨᠢᠭᠡᠨᠲᠡ ᠪᠤᠢ ᠪᠤᠯᠤᠭᠰᠠᠨ ᠵᠦᠭ ᠴᠢᠭ᠌ ᠦᠨ ᠤᠬᠠᠮᠰᠠᠷ ᠪᠤᠯᠤᠨ᠎ᠠ ᠭᠡᠬᠦ ᠦᠵᠡᠯᠲᠡ ᠳᠡᠪᠰᠢᠭᠦᠯᠵᠡᠢ᠃ |
Original Literature |
View Original Paper
|
出自 |
内蒙古大学学报
2012年
第6期
|