Paper Information


Title ᠲᠡᠮᠭᠡᠲᠦ ᠶᠢᠨ ᠬᠡᠪᠯᠡᠭᠦᠯᠦᠭᠰᠡᠨ 《ᠪᠤᠭᠲᠠ ᠴᠢᠩᠭᠢᠰ ᠬᠠᠭᠠᠨ ᠤ ᠴᠢᠳᠢᠭ》᠋ ᠦᠨ ᠡᠬᠡ ᠳᠡᠪᠲᠡᠷ ᠦᠨ ᠲᠤᠬᠠᠢ
Creator ᠪᠤᠶᠠᠨᠪᠠᠭᠠᠲᠤᠷ
Keyword 《ᠬᠠᠳ ᠤᠨ ᠦᠨᠳᠦᠰᠦᠨ ᠬᠤᠷᠢᠶᠠᠩ᠋ᠭᠤᠢ ᠠᠯᠲᠠᠨ ᠲᠤᠪᠴᠢ》; 《ᠴᠢᠩᠭᠢᠰ ᠬᠠᠭᠠᠨ ᠤ ᠴᠠᠳᠢᠭ》; 《ᠪᠤᠭᠲᠠ ᠴᠢᠩᠭᠢᠰ ᠬᠠᠭᠠᠨ ᠤ ᠴᠢᠳᠢᠭ》; 《ᠪᠤᠭᠲᠠ ᠴᠢᠩᠭᠢᠰ ᠬᠠᠭᠠᠨ ᠤ ᠰᠤᠳᠤᠷ》
Abstract 《ᠬᠠᠳ ᠤᠨ ᠦᠨᠳᠦᠰᠦᠨ ᠬᠤᠷᠢᠶᠠᠩ᠋ᠭᠤᠢ ᠠᠯᠲᠠᠨ ᠲᠤᠪᠴᠢ》᠋ ᠶᠢᠨ ᠰᠤᠳᠤᠯᠭᠠᠨ ᠳᠤ ᠪᠡᠭᠡᠵᠢᠩ ᠦᠨ ᠮᠣᠩ᠋ᠭᠤᠯ ᠪᠢᠴᠢᠭ᠌ ᠦᠨ ᠬᠤᠷᠢᠶᠠᠨ ᠤ ᠲᠡᠮᠬᠡᠲᠦ ᠶᠢᠨ ᠬᠡᠪᠯᠡᠭᠦᠯᠦᠭᠰᠡᠨ 1925 ᠣᠨ ᠤ 《ᠴᠢᠩᠭᠢᠰ ᠬᠠᠭᠠᠨ ᠤ ᠴᠠᠳᠢᠭ》ᠪᠠ 1927 ᠣᠨ ᠤ 《ᠪᠤᠭᠲᠠ ᠴᠢᠩᠭᠢᠰ ᠬᠠᠭᠠᠨ ᠤ ᠴᠢᠳᠢᠭ》ᠮᠠᠰᠢ ᠴᠢᠬᠤᠯᠠ ᠪᠠᠢ᠌ᠷᠢ ᠲᠠᠢ ᠪᠠᠢ᠌ᠳᠠᠭ᠃ ᠭᠡᠲᠡᠯ᠎ᠡ ᠰᠤᠳᠤᠯᠤᠭᠠᠴᠢᠳ ᠬᠤᠢ᠌ᠨᠠᠬᠢ ᠨᠢ ᠡᠮᠦᠨᠡᠬᠢ ᠶᠢᠨ ᠢᠶᠡᠨ ᠶᠡᠬᠡᠬᠡᠨ ᠵᠠᠰᠠᠪᠤᠷᠢ ᠤᠷᠤᠭᠤᠯᠤᠭᠰᠠᠨ ᠬᠡᠪᠯᠡᠯ ᠭᠡᠰᠡᠨ ᠡᠨᠳᠡᠭᠦᠦ ᠣᠢ᠌ᠯᠠᠭᠠᠯᠲᠠ ᠶᠢ ᠪᠠᠷᠢᠮᠲᠠᠯᠠᠭᠰᠠᠭᠠᠷ ᠢᠷᠡᠵᠡᠢ᠃ ᠤᠤᠯ ᠦᠭᠦᠯᠡᠯ ᠳᠦ ᠬᠠᠷᠠᠴᠢᠨ ᠤ ᠪᠠᠶᠠᠨᠪᠢᠯᠢᠭᠲᠦ ᠶᠢᠨ 《ᠪᠤᠭᠲᠠ ᠴᠢᠩᠭᠢᠰ ᠬᠠᠭᠠᠨ ᠤ ᠰᠤᠳᠤᠷ》᠋ ᠢ ᠳᠡᠭᠡᠷᠡᠬᠢ ᠬᠤᠶᠠᠷ ᠬᠡᠪᠯᠡᠯ ᠲᠡᠢ ᠲᠤᠯᠭᠠᠨ ᠬᠠᠷᠢᠴᠠᠭᠤᠯᠵᠤ᠂ 1927 ᠣᠨ ᠤ ᠬᠡᠪᠯᠡᠯ ᠨᠢ 1925 ᠣᠨ ᠤ ᠬᠡᠪᠯᠡᠯ ᠦᠨ ᠵᠠᠰᠠᠪᠤᠷᠢ ᠤᠷᠤᠭᠤᠯᠤᠭᠰᠠᠨ ᠬᠡᠪᠯᠡᠯ ᠪᠤᠰᠤ᠂ ᠬᠠᠷᠢᠨ ᠪᠠᠶᠠᠨᠪᠢᠯᠢᠭᠲᠦ ᠢᠨ ᠲᠡᠷᠡ ᠵᠠᠰᠠᠯᠲᠠ ᠴᠤᠬᠤᠯᠲᠠ ᠬᠢᠭ᠍ᠰᠡᠨ 《ᠪᠤᠭᠲᠠ ᠴᠢᠩᠭᠢᠰ ᠬᠠᠭᠠᠨ ᠤ ᠰᠤᠳᠤᠷ》᠋ ᠤᠨ ᠠᠩ᠋ᠬᠠᠨ ᠤ ᠬᠡᠪᠯᠡᠯ ᠪᠤᠯᠬᠤ ᠶᠢ ᠪᠠᠷᠢᠮᠲᠠ ᠪᠠᠷ ᠪᠠᠲᠤᠯᠠᠵᠠᠢ᠃
Original Literature View Original Paper
出自 内蒙古社会科学(蒙文版) 2006年 第2期

联系我们


内蒙古大学图书馆
呼和浩特市大学西路235号
中国·内蒙古
P: (0471) 4992561
E: huangfeilong@imu.edu.cn