Paper Information


Title 17 ᠳ᠋ᠤᠭᠠᠷ ᠵᠠᠭᠤᠨ ᠤ 30 -40 ᠭᠡᠳ ᠤᠨ ᠤ ᠦᠶ᠎ᠡ ᠶᠢᠨ ᠠᠷᠤ ᠶᠢᠨ ᠠᠢ᠌ᠮᠠᠭ ᠤᠨ ᠨᠤᠳᠤᠭ ᠵᠢᠴᠢ ᠬᠤᠪᠢᠷᠠᠯᠳᠠ- ᠬᠤᠨᠢᠨ ᠵᠢᠯ ᠤᠨ ᠴᠠᠭᠠᠵᠠ᠂ ᠪᠡᠴᠢᠨ ᠵᠢᠯ ᠤᠨ ᠴᠠᠭᠠᠵᠠ᠂ ᠱᠤᠩᠬᠤᠷ ᠤᠨ ᠴᠢᠭᠤᠯᠭᠠᠨ ᠤ ᠲᠤᠭᠤᠷᠢᠨ ᠳᠤ
Creator ᠢᠦᠢ ᡁᠢ
Keyword ᠠᠷᠤ ᠶᠢᠨ ᠠᠢ᠌ᠮᠠᠭ; 17 ᠳ᠋ᠤᠭᠠᠷ ᠵᠠᠭᠤᠨ ᠤ 30 - 40 ᠭᠡᠳ ᠤᠨ; ᠨᠤᠳᠤᠭ ᠤᠨ ᠬᠤᠪᠢᠷᠠᠯᠳᠠ
Abstract 17 ᠳ᠋ᠤᠭᠠᠷ ᠵᠠᠭᠤᠨ ᠤ 30 -40 ᠭᠡᠳ ᠤᠨ ᠳᠤ ᠠᠢ᠌ᠰᠢᠨ ᠭᠦᠷᠦᠨ ᠪᠠ ᠯᠢᠭ᠍ᠳᠡᠨ ᠬᠠᠭᠠᠨ ᠤ ᠲᠤᠪᠳᠤᠯᠤᠯᠳᠠ ᠵᠢᠴᠢ ᠠᠢ᠌ᠰᠢᠨ ᠭᠦᠷᠦᠨ ᠡᠴᠡ ᠰᠢᠨ᠎ᠡ ᠲᠠᠭᠠᠭᠰᠠᠨ ᠮᠤᠩᠭ᠋ᠤᠯ ᠤᠨ ᠡᠯ᠎ᠡ ᠠᠢ᠌ᠮᠠᠭ ᠲᠤ ᠨᠤᠳᠤᠭ ᠲᠤᠬᠢᠷᠠᠭᠤᠯᠤᠭᠰᠠᠨ ᠵᠡᠷᠭᠡ ᠰᠢᠯᠳᠠᠭᠠᠨ ᠡᠴᠡ ᠪᠤᠯᠵᠤ᠂ ᠭᠤᠪᠢ ᠶᠢᠨ ᠡᠮᠦᠨᠡᠭᠢ ᠮᠤᠩᠭ᠋ᠤᠯᠴᠤᠳ ᠪᠠ ᠠᠷᠤ ᠶᠢᠨ ᠠᠢ᠌ᠮᠠᠭ ᠤᠯᠠᠨᠳᠠ ᠨᠡᠭᠦᠭ᠍ᠰᠡᠨ ᠡᠴᠡ ᠨᠤᠳᠤᠭ ᠤᠰᠤᠨ ᠳᠤ ᠨᠢ ᠶᠡᠬᠡᠬᠡᠨ ᠬᠤᠪᠢᠷᠠᠯᠳᠠ ᠭᠠᠷᠴᠠᠢ᠃ ᠡᠭᠦᠨ ᠡᠴᠡ ᠪᠤᠯᠵᠤ᠂ ᠨᠢᠭᠡᠨᠳᠡᠭᠡᠭᠦᠷ ᠠᠷᠤ᠂ ᠦᠪᠦᠷ ᠮᠤᠩᠭ᠋ᠤᠯ ᠤᠨ ᠤᠳᠤᠭ ᠲᠦᠮᠡᠨ ᠤ ᠨᠤᠳᠤᠭ ᠬᠡᠳᠦᠨ ᠵᠠᠭᠤᠨ ᠵᠢᠯ ᠤᠨ ᠲᠤᠷᠰᠢ ᠬᠠᠷᠢᠴᠠᠩᠭ᠋ᠤᠢ ᠲᠤᠭᠳᠠᠭᠤᠨ ᠪᠠᠢ᠌ᠭᠰᠠᠨ ᠪᠠᠢ᠌ᠳᠠᠯ ᠡᠪᠳᠡᠭᠳᠡᠵᠦ᠂ ᠨᠦᠭᠦᠭᠡᠳᠡᠭᠡᠭᠦᠷ ᠲᠠᠢ᠌ᠴᠢᠩ ᠭᠦᠷᠦᠨ ᠤ ᠦᠶ᠎ᠡ ᠶᠢᠨ ᠦᠪᠦᠷ ᠵᠠᠰᠠᠭ ᠮᠤᠩᠭ᠋ᠤᠯᠴᠤᠳ ᠤᠨ ᠨᠤᠳᠤᠭ ᠤᠰᠤᠨ ᠤ ᠲᠠᠷᠬᠠᠯᠳᠠ ᠶᠢᠨ ᠰᠠᠭᠤᠷᠢ ᠶᠢ ᠲᠠᠯᠪᠢᠵᠠᠢ᠃ ᠲᠤᠰ ᠦᠭᠦᠯᠡᠯ ᠳᠤ ᠭᠤᠤᠯᠳᠠᠭᠤ ᠮᠠᠨᠵᠤ ᠮᠤᠩᠭ᠋ᠤᠯ ᠲᠠᠩᠰᠠ ᠪᠠ ᠰᠤᠷᠪᠤᠯᠵᠢ ᠪᠢᠴᠢᠭ᠌ ᠤᠳ ᠢ ᠠᠰᠢᠭᠯᠠᠨ᠂ 17 ᠳ᠋ᠤᠭᠠᠷ ᠵᠠᠭᠤᠨ ᠤ 30-40 ᠭᠡᠳ ᠤᠨ ᠤ ᠦᠶ᠎ᠡ ᠶᠢᠨ ᠠᠷᠤ ᠶᠢᠨ ᠠᠢ᠌ᠮᠠᠭ ᠤᠨ ᠨᠤᠳᠤᠭ ᠤᠨ ᠬᠤᠪᠢᠷᠠᠯᠳᠠ ᠳᠤ ᠰᠢᠨᠵᠢᠯᠡᠯᠳᠡ ᠬᠢᠵᠡᠢ᠃
Original Literature View Original Paper
出自 内蒙古大学学报 2013年 第6期

联系我们


内蒙古大学图书馆
呼和浩特市大学西路235号
中国·内蒙古
P: (0471) 4992561
E: huangfeilong@imu.edu.cn