Paper Information


Title ᠬᠤᠷᠢᠳᠤᠭᠠᠷ ᠵᠠᠭᠤᠨ ᠤ ᠮᠣᠩ᠋ᠭᠤᠯ ᠤᠳᠬ᠎ᠠ ᠵᠤᠬᠢᠶᠠᠯ ᠳᠠᠬᠢ ᠬᠦᠮᠦᠯᠢᠭ ᠬᠡᠯᠪᠡᠷᠢᠯ ᠬᠢᠭᠡᠳ ᠵᠡᠷᠡᠮᠳᠡᠭ ᠰᠢᠯᠦᠭ ᠵᠦᠢ
Creator ᠰ‍᠂ ᠤᠷᠤᠰᠬᠠᠯ
Keyword
Abstract ᠲᠤᠰ ᠦᠭᠦᠯᠡᠯ ᠳᠦ ᠭᠤᠤᠯᠳᠠᠭᠤ ᠬᠤᠷᠢᠳᠤᠭᠠᠷ ᠵᠠᠭᠤᠨ ᠤ ᠮᠣᠩ᠋ᠭᠤᠯ ᠤᠳᠬ᠎ᠠ ᠵᠤᠬᠢᠶᠠᠯ ᠤᠨ ᠬᠦᠭ᠍ᠵᠢᠯᠲᠡ ᠳᠦ ᠦᠵᠡᠯ ᠰᠠᠨᠠᠭᠠᠨ ᠤ ᠰᠠᠭᠤᠷᠢ ᠶᠢ ᠴᠤᠭᠴᠠᠯᠠᠭᠰᠠᠨ ᠭᠡᠭᠡᠷᠡᠭᠦᠯᠦᠭᠴᠢ ᠳᠠᠪᠬᠤᠷᠭ᠎ᠠ ᠶᠢᠨ ᠬᠢᠨ ᠦ ᠤᠶᠤᠨ ᠰᠠᠨᠠᠭᠠᠨ ᠤ ᠪᠤᠳᠤᠯᠢᠶᠠᠨᠲᠤ ᠪᠦᠲᠦᠴᠡ ᠶᠢ ᠵᠠᠳᠠᠯᠵᠤ; ᠰᠠᠢ᠌ᠴᠤᠩ᠋ᠭ᠎ᠠ ᠶᠢᠨ 《ᠠᠪᠴᠢᠷᠠᠬᠤ ᠦᠵᠡᠯ》᠋ ᠦᠨ ᠠᠬᠤᠭᠤᠯᠤᠭᠳᠠᠬᠤᠨ ᠪᠠ ᠠᠴᠢ ᠬᠤᠯᠪᠤᠭᠳᠠᠯ ᠢ ᠲᠤᠳᠤᠯᠵᠤ᠂ ᠡᠨᠡ ᠨᠢ ᠲᠡᠭᠦᠨ ᠦ ᠦᠵᠡᠯ ᠰᠠᠨᠠᠭᠠᠨ ᠤ ᠴᠦᠮ ᠬᠡᠮᠡᠨ ᠳᠤᠷᠠᠳᠴᠤ᠂ ᠡᠭᠦᠨ ᠦ ᠤᠯᠠᠮ ᠠᠴᠠ ᠲᠤᠬᠠᠢ ᠶᠢᠨ ᠮᠣᠩ᠋ᠭᠤᠯ ᠰᠡᠭᠡᠭᠲᠡᠳ ᠦᠨ ᠴᠢᠬᠤᠯᠠ ᠲᠦᠯᠦᠭᠡᠯᠡᠭᠴᠢ ᠶᠢᠨ ᠬᠤᠪᠢ ᠪᠠᠷ ᠵᠠᠰᠠᠪᠤᠷᠢᠯᠠᠯ ᠠᠠ ᠵᠠᠯᠬᠠᠭᠠᠯ᠂ ᠰᠢᠭᠦᠮᠵᠢᠯᠡᠯ ᠡᠴᠡ ᠴᠤᠭᠴᠠᠯᠠᠯ ᠤᠨ ᠣᠨᠣᠯ ᠰᠡᠬᠢᠯᠭᠡᠨ ᠦ ᠲᠤᠮᠤ ᠠᠯᠬᠤᠴᠠ ᠶᠢ ᠪᠡᠶᠡᠯᠡᠭᠦᠯᠦᠭᠰᠡᠨ ᠭᠡᠬᠦ ᠦᠵᠡᠯᠲᠡ ᠶᠢ ᠨᠤᠲᠠᠯᠠᠵᠤ; ᠮᠣᠩ᠋ᠭᠤᠯ ᠤᠳᠬ᠎ᠠ ᠵᠤᠬᠢᠶᠠᠯ ᠨᠢ ᠲᠤᠰ ᠵᠠᠭᠤᠨ ᠤ ᠳᠤᠮᠳᠠᠴᠢ ᠪᠤᠯᠬᠤ ᠳᠤ ᠨᠢᠭᠡᠨᠲᠡ ᠵᠠᠯᠭᠠᠮᠵᠢᠯᠠᠯ — ᠦᠭᠡᠢ᠌ᠰᠭᠡᠯ — ᠴᠤᠭᠴᠠᠯᠠᠯ ᠤᠨ ᠵᠠᠮ ᠢ ᠨᠡᠭᠡᠭᠡᠵᠦ᠂ ᠣᠨᠣᠯ ᠰᠡᠳᠬᠢᠯᠭᠡᠨ ᠦ ᠬᠦᠮᠦᠯᠢᠭ ᠬᠡᠪ ᠴᠢᠨᠠᠷ ᠪᠦᠬᠦᠢ ᠰᠢᠯᠦᠭ ᠵᠦᠢ ᠶᠢᠨ ᠨᠡᠭᠡᠭᠡᠯᠳᠡᠯᠢᠭ ᠬᠡᠯᠪᠡᠷᠢᠯ ᠢᠯᠡᠷᠡᠭᠰᠡᠨ ᠠᠲᠠᠯ᠎ᠠ ᠨᠡᠢ᠌ᠭᠡᠮ — ᠤᠯᠤᠰ ᠲᠦᠷᠦ — ᠭᠤᠤ᠎ᠠ ᠰᠠᠢ᠌ᠬᠠᠨ ᠤ ᠬᠦᠰᠡᠯᠡᠩ ᠦᠨ ᠭᠤᠷᠮᠤᠰᠤᠨ ᠤᠶᠠᠯᠳᠤᠯ ᠨᠢ ᠬᠡᠳᠦ ᠲᠦᠷᠭᠡᠨ ᠭᠠᠵᠢᠯᠲᠠ ᠳᠤ ᠤᠴᠠᠷᠠᠵᠤ᠂ ᠤᠳᠬ᠎ᠠ ᠵᠤᠬᠢᠶᠠᠯ ᠤᠨ ᠦᠨᠡᠨ ᠪᠤᠳᠠᠲᠤ ᠴᠢᠨᠠᠷ᠂ ᠦᠵᠡᠯ ᠰᠠᠨᠠᠭᠠᠴᠢ ᠴᠢᠨᠠᠷ᠂ ᠤᠷᠠᠯᠢᠭᠴᠢ ᠴᠢᠨᠠᠷ ᠢ ᠭᠤᠤᠯᠳᠠᠭᠤ ᠤᠯᠤᠰ ᠲᠦᠷᠦ ᠪᠡᠷ ᠲᠠᠢ᠌ᠯᠪᠤᠷᠢᠯᠠᠬᠤ ᠭᠡᠰᠡᠨ ᠨᠢ ᠮᠣᠩ᠋ᠭᠤᠯ ᠰᠢᠯᠦᠭ ᠵᠦᠢ ᠶᠢᠨ ᠵᠡᠷᠡᠮᠳᠡᠭ ᠬᠦᠭ᠍ᠵᠢᠮ ᠮᠦᠨ ᠭᠡᠬᠦ ᠦᠵᠡᠯᠲᠡ ᠶᠢ ᠳᠡᠪᠰᠢᠭᠦᠯᠪᠡ᠃
Original Literature No Original Paper
出自 内蒙古大学学报 1999年 第3期

联系我们


内蒙古大学图书馆
呼和浩特市大学西路235号
中国·内蒙古
P: (0471) 4992561
E: huangfeilong@imu.edu.cn