Abstract |
《ᠭᠡᠰᠷ ᠤᠨ ᠲᠤᠭᠤᠵᠢ》 ᠪᠣᠯ ᠮᠣᠩᠭᠤᠯ ᠦᠨᠳᠦᠰᠦᠲᠡᠨ ᠤ ᠠᠯᠳᠠᠷᠲᠤ ᠪᠠᠭᠠᠲᠤᠷ ᠲᠤᠤᠯᠢ ᠮᠦᠨ᠃ ᠲᠡᠢᠮᠦ ᠡᠴᠡ ᠵᠠᠷᠢᠮ ᠡᠷᠳᠡᠮᠲᠡᠨ《ᠭᠡᠰᠡᠷ ᠤᠨ ᠲᠤᠭᠤᠵᠢ 》 ᠵᠢ《 ᠮᠣᠩᠭᠤᠯ ᠤᠨᠨᠢᠭᠤᠴᠠ ᠲᠤᠪᠴᠢᠶᠠᠨ》᠂《ᠵᠢᠩᠭᠠᠷ 》ᠲᠠᠢ ᠮᠦᠷᠦ ᠵᠡᠷᠭᠡᠴᠡᠭᠦᠯᠦᠨ ᠮᠣᠩᠭᠤᠯ ᠤᠨ ᠡᠷᠲᠡᠨ ᠤ ᠤᠷᠠᠨ ᠵᠣᠬᠢᠶᠠᠯ᠂ ᠤᠨ 《ᠭᠤᠷᠪᠠᠨ ᠣᠷᠬᠢᠯ》 ᠤᠨ ᠨᠢᠭᠡ ᠭᠡᠳᠡᠭ ᠪᠢᠯᠡ᠃ ᠡᠨᠡ ᠨᠢ ᠦᠨᠡᠨ ᠳ᠋ᠡᠭᠡᠨ 《ᠭᠡᠰᠡᠷ ᠤᠨ ᠲᠤᠭᠤᠵᠢ8》ᠬᠤᠢᠰᠢ ᠴᠦᠮ《ᠭᠡᠰᠡᠷ》ᠭᠡᠵᠦ ᠲᠦᠭᠦᠮᠴᠢᠯᠡᠨ᠎ᠠ) ᠶᠢᠨ ᠮᠣᠩᠭᠯᠤ ᠤᠷᠠᠨ ᠵᠣᠬᠢᠶᠠᠯ ᠤᠨ ᠲᠡᠦᠬᠡᠨ ᠳ᠋ᠤ ᠤᠯᠵᠤ ᠰᠠᠭᠤᠪᠠᠯ ᠵᠣᠬᠢᠬᠤ ᠤᠯᠪᠤᠭ ᠮᠦᠨ ᠭᠡᠵᠦ ᠪᠦ ᠦᠵᠡᠨ᠎ᠠ᠃ ᠭᠡᠲᠡᠯ ᠠ 《ᠭᠡᠰᠡᠷ》 ᠤᠨ ᠭᠠᠷᠤᠯ ᠡᠭᠦᠰᠦᠯ ᠨᠢ ᠲᠦᠪᠡᠳ ᠮᠣᠩᠭᠤᠯ ᠬᠤᠶᠠᠷ ᠦᠨᠳᠦᠰᠦᠲᠡᠨ ᠢ ᠰᠣᠨᠳᠠᠯᠠᠭᠰᠠᠨ ᠰᠢᠨᠵᠢᠲᠡᠢ ᠡᠴᠡ ᠪᠣᠯᠵᠤ ᠲᠤᠰ ᠵᠣᠬᠢᠶᠠᠯ ᠨᠢ ᠤᠷᠠᠨ ᠵᠣᠬᠢᠶᠠᠯ ᠤᠨ ᠲᠡᠦᠭᠡᠨ ᠳ᠋ᠤ᠃ ᠢᠯᠠᠩᠭᠤᠶ ᠠ ᠮᠣᠩᠭᠤᠯ ᠤᠷᠠᠨ ᠵᠣᠬᠢᠶᠠᠯ ᠤᠨ ᠲᠡᠦᠬᠡᠨ ᠳ᠋ᠤ ᠤᠯᠬᠤ ᠪᠠᠢᠷᠢ ᠰᠠᠭᠤ ᠷᠢ ᠶᠢᠨ ᠲᠣᠬᠠᠢ ᠰᠣᠨᠢᠷᠬᠠᠨ ᠰᠤᠳᠤᠯᠤᠭᠴᠢᠳ ᠤᠨ ᠲᠤᠮᠳᠠ ᠵᠦᠢᠯ ᠪᠦᠷᠢ ᠶᠢᠨ ᠮᠠᠳᠠᠭ ᠮᠠᠷᠭᠤᠭᠠᠨ ᠦᠭᠡᠢ ᠪᠢᠰᠢ ᠶᠣᠮ᠃ |