Paper Information


Title ᠴᠢᠩᠭᠢᠰ ᠬᠠᠭᠠᠨ ᠢ ᠣᠷᠤᠰᠢᠭᠤᠯᠤᠭᠰᠠᠨ ᠭᠠᠵᠠᠷ 《ᠶᠡᠬᠡ ᠦᠲᠦᠭ》 ᠵᠢᠴᠢ ᠬᠤᠯᠪᠤᠭᠳᠠᠯ ᠪᠦᠬᠦᠢ ᠬᠡᠳᠦᠨ ᠠᠰᠠᠭᠤᠳᠠᠯ
Creator ᠵᠢᠭᠠᠴᠢᠲᠠᠢ ᠪᠤᠶᠠᠨᠳᠡᠯᠭᠡᠷ
Keyword
Abstract ᠮᠣᠩᠭ᠋ᠤᠯ ᠰᠤᠷᠪᠤᠯᠵᠢᠰ ᠲᠤ ᠴᠢᠩᠭᠢᠰ ᠬᠠᠨ ᠢ 《ᠶᠡᠬᠡ ᠦᠲᠡᠭ》 ᠬᠡᠮᠡᠬᠦ ᠭᠠᠵᠠᠷ ᠣᠩᠭ᠋ᠤᠯᠠᠪᠠ ᠭᠡᠰᠡᠨ ᠮᠡᠳᠡᠭᠡ ᠪᠤᠢ᠃ 《ᠦᠲᠡᠭ》 ᠬᠡᠮᠡᠬᠦ ᠦᠭᠡ ᠶᠢ ᠡᠷᠳᠡᠮᠲᠡᠳ ᠣᠳᠣ ᠪᠤᠯᠲᠠᠯ᠎ᠠ ᠵᠦᠪ ᠲᠠᠢ᠌ᠯᠠᠪᠤᠷᠢᠯᠠᠵᠤ ᠴᠢᠳᠠᠭ᠎ᠠ ᠦᠭᠡᠢ᠃ ᠦᠨᠡᠨᠳᠡᠭᠡᠨ ᠡᠨᠡ ᠦᠭᠡ ᠪᠤᠯ 《ᠭᠠᠵᠠᠷ》 ᠭᠡᠰᠡᠨ ᠤᠳᠬ᠎ᠠ ᠲᠠᠢ 《ᠦᠲᠦᠭᠡᠨ᠂ ᠡᠳᠦᠭᠡᠨ᠂ ᠦᠳᠡᠭᠡᠨ》 ᠬᠡᠮᠡᠬᠦ ᠦᠭᠡᠨ ᠡᠴᠡ ᠬᠤᠪᠢᠶᠠᠵᠤ ᠢᠷᠡᠭᠰᠡᠨ ᠬᠠᠭᠤᠴᠢᠨ ᠮᠣᠩᠭ᠋ᠤᠯ ᠦᠭᠡ ᠮᠦᠨ᠃ 《ᠶᠡᠬᠡ ᠦᠲᠡᠭ》 ᠨᠢ 《ᠶᠡᠬᠡ ᠭᠠᠵᠠᠷ》 ᠲᠠᠢ ᠠᠳᠠᠯᠢ ᠪᠠᠷ ᠪᠦᠷ ᠴᠢᠩᠭᠢᠰ ᠤᠨ ᠣᠩᠭ᠋ᠤᠨ ᠬᠦᠷᠡᠯᠬᠦ ᠶᠢᠨ ᠬᠦᠨᠳᠦᠳᠭᠡᠯ ᠦᠭᠡ ᠪᠤᠯᠤᠨ᠎ᠠ᠃ ᠴᠢᠩᠭᠢᠰ ᠦᠨ ᠣᠩᠭ᠋ᠤᠨ ᠳᠤ ᠪᠠᠰᠠ 《ᠶᠡᠬᠡ ᠬᠤᠷᠤᠭ》᠂ 《ᠡᠵᠡᠨ ᠬᠤᠷᠤᠭ᠎ᠠ》᠂ 《ᠦᠳᠡᠭᠡ ᠶᠢᠨ ᠬᠦᠷᠢᠶ᠎ᠡ》 ᠵᠡᠷᠭᠡ ᠠᠳᠠᠯᠢ ᠪᠤᠰᠤ ᠨᠡᠷᠡᠢ᠌ᠳᠦᠯ ᠲᠡᠢ᠃ ᠬᠤᠵᠢᠮᠳᠠᠵᠤ ᠴᠢᠩᠭᠢᠰ ᠦᠨ ᠣᠩᠭ᠋ᠤᠨ ᠤ ᠤᠴᠢᠷ ᠢᠶᠠᠷ ᠬᠦᠷᠡᠯᠬᠦ ᠶᠢ ᠪᠠᠰᠠ 《ᠦᠳᠡᠭ ᠠᠭᠤᠯᠠ》᠂ 《ᠬᠦᠷᠢᠶ᠎ᠡ ᠠᠭᠤᠯᠠ》 ᠭᠡᠵᠦ ᠳᠠᠭᠤᠳᠠᠳᠠᠭ ᠪᠤᠯᠵᠠᠢ᠃
Original Literature No Original Paper
出自 内蒙古大学学报 1995年 第4期

联系我们


内蒙古大学图书馆
呼和浩特市大学西路235号
中国·内蒙古
P: (0471) 4992561
E: huangfeilong@imu.edu.cn