Paper Information


Title ᠠᠭᠤᠳᠠᠮ ᠲᠠᠯ ᠠ ᠶᠢᠨ ᠮᠣᠩᠭᠤᠯᠴᠤᠳ ᠤᠨ ᠤᠯᠠᠮᠵᠢᠯᠠᠯᠲᠤ ᠵᠠᠩᠰᠢᠯ ᠤᠨ ᠵᠢᠷᠤᠭ——《ᠬᠦᠬᠡ ᠰᠣᠳᠤᠷ》 ᠢ ᠣᠩᠰᠢᠭᠠᠳ
Creator ᠳ᠋ᠸᠰᠸᠷᠠᠢᠵᠠᠪ
Keyword ᠬᠦᠬᠡ ᠰᠣᠳᠤᠷ ᠤᠨ ᠲᠣᠬᠠᠢ ᠣᠤᠩᠰᠢᠭᠰᠠᠨ ᠲᠦᠷᠦᠭᠳᠡᠯ
Abstract ᠠᠷᠪᠠᠨ ᠶᠢᠰᠦᠳᠦᠭᠡᠷ ᠵᠠᠭᠨ ᠤ ᠮᠣᠩᠭᠤᠯ ᠦᠨᠳᠦᠰᠦᠲᠠᠨ ᠠ ᠭᠠᠷᠮᠠᠭᠠᠢ ᠵᠣᠬᠢᠶᠠᠯᠴᠢ ᠢᠨᠵᠠᠨᠨᠠᠰᠢ ᠶᠢᠨ ᠪᠢᠴᠢᠭᠰᠡᠨ 《ᠬᠦᠬᠡ ᠰᠣᠳᠤᠷ 》 ᠲᠤ ᠮᠣᠩᠭᠤᠯᠴᠤᠳ ᠤᠨ ᠡᠷᠲᠡᠨ ᠦᠶ ᠡ  ᠶᠢᠨ ᠵᠠᠩ ᠵᠠᠩᠰᠢᠯ ᠢ ᠤᠯᠠᠨ ᠲᠠᠯ ᠠ ᠪᠡᠷ ᠬᠠᠷᠠᠭᠤᠯᠤᠭᠰᠠᠨ ᠪᠠᠢᠠᠵᠢ᠃ ᠡᠢᠮᠦ ᠵᠠᠩ ᠵᠠᠩᠰᠢᠯ ᠢ ᠰᠢᠩᠭᠡᠭᠰᠡᠨ ᠡᠴᠡ ᠣᠩᠰᠢᠭᠴᠢᠳ ᠤᠨ ᠤᠮ ᠠ ᠵᠢ ᠲᠠᠲᠠᠵᠤ᠂ ᠤᠶᠤᠨ ᠳ᠋ᠤ ᠰᠠᠭᠤᠭᠳᠠᠬᠤ ᠶᠢᠨ ᠨᠢᠭᠡᠨ ᠰᠢᠯᠲᠠᠭᠠᠨ ᠪᠣᠯᠪᠠ᠃《 ᠬᠦᠬᠡ ᠰᠣᠳᠤᠷ》 ᠲᠤ ᠴᠢᠭᠤᠯᠭᠠᠨ ᠴᠤᠭᠯᠠᠬᠤ᠂ ᠬᠠᠭᠠᠨ ᠬᠦᠮᠦᠨ ᠢ ᠵᠠᠯᠠᠬᠤᠮ ᠰᠢᠨᠡᠯᠡᠬᠦ ᠶᠣᠰᠤ᠂ ᠡᠷ ᠡ ᠶᠢᠨ ᠭᠤᠷᠪᠠᠨ ᠨᠠᠭᠠᠳᠤᠮ᠂ ᠨᠢᠳᠤᠷᠮᠡᠭᠴᠢ ᠬᠦᠮᠦᠨ ᠢᠬᠦᠨᠳᠦᠳᠭᠡᠬᠦ᠂ ᠨᠠᠢᠷᠠᠯᠳᠤᠬᠤ ᠵᠠᠩᠰᠢᠯ᠂ ᠴᠡᠷᠢᠭ ᠲᠠᠢᠨ ᠳ᠋ᠤ ᠶᠠᠪᠤᠬᠤ ᠵᠣᠬᠢᠶᠠᠨ ᠪᠠᠢᠭᠤᠯᠤᠯᠲᠠ᠂ ᠤᠷᠤᠭ ᠬᠣᠷᠢᠮ᠂ ᠤᠷᠤᠨ ᠰᠠᠭᠤᠴᠠ᠂ ᠬᠤᠪᠴᠠᠰᠤ ᠬᠤᠨᠢᠷ᠂ ᠰᠠᠪᠠ ᠬᠡᠷᠡᠭᠰᠡᠯ᠂ ᠦᠩᠬᠡ ᠵᠢ ᠡᠷᠬᠢᠯᠡᠬᠦ᠂ ᠵᠦᠩ ᠪᠡᠯᠭᠡ ᠵᠢ ᠪᠡᠯᠭᠡᠳᠡᠬᠦ᠂ ᠡᠷᠲᠡᠨ ᠤ ᠰᠢᠳᠦᠭᠡᠨ᠂ ᠭᠡᠬᠦᠷ ᠤᠷᠤᠰᠢᠭᠤᠯᠬᠤ᠂ ᠵᠠᠷᠢᠮ ᠨᠡᠷᠡᠰ ᠤᠨ ᠲᠠᠢᠯᠪᠤᠷᠢ ᠬᠢᠭᠡᠳ ᠵᠠᠩ ᠵᠠᠩᠰᠢᠯ ᠤᠨ ᠢᠯᠡᠷᠡᠯ ᠵᠢ ᠬᠠᠷᠠᠭᠤᠯᠤᠭᠰᠠᠨ ᠪᠠᠢᠪᠠ᠃ ᠵᠣᠬᠢᠶᠠᠯᠴᠢ ᠢᠨᠵᠠᠨᠨᠠᠰᠢ ᠡᠳᠡᠭᠡᠷ ᠤᠯᠠᠨ ᠵᠠᠩ ᠵᠠᠩᠰᠢᠯ ᠢ ᠵᠦᠢᠴᠢᠯᠠᠨ ᠪᠣᠡᠳᠤᠵᠦ ᠰᠠᠨᠠᠭᠠᠨ ᠲᠠᠪᠠ ᠪᠡᠷ ᠢᠢᠡᠨ ᠵᠣᠬᠢᠶᠠᠭᠰᠠᠨ ᠪᠢᠰᠢ᠂ ᠦᠨᠦ ᠪᠣᠯᠲᠠᠯ ᠠ ᠦᠯᠡᠳᠡᠭᠳᠡᠵᠦ ᠪᠠᠢᠬᠤ ᠪᠢᠴᠢᠭ ᠨᠣᠮ ᠳ᠋ᠤ ᠦᠨᠳᠦᠰᠦ ᠪᠠᠷᠢᠮᠲᠠ ᠨᠢ ᠬᠠᠷᠠᠭᠳᠠᠵᠤ ᠪᠠᠢᠨ᠎ᠠ᠃ ᠲᠡᠭᠡᠷ ᠠ ᠲᠤᠷᠠᠳᠤᠭᠰᠠᠨ ᠤᠯᠠᠨ ᠲᠦᠷᠯ ᠤᠨ ᠵᠠᠩ ᠵᠠᠩᠰᠢᠯ ᠢ ᠲᠤᠤᠷᠠᠬᠢ ᠮᠡᠳᠦ ᠬᠡᠳᠦᠨ ᠪᠦᠯᠦᠭ ᠢᠢᠡᠷ ᠲᠤᠢᠮᠤᠴᠢᠯᠠᠨ ᠠᠩᠬᠢᠯᠠᠵᠦ ᠪᠣᠯᠤᠨ᠎ᠠ᠃
Original Literature No Original Paper
出自 内蒙古师范大学学报 1982年 第2期

联系我们


内蒙古大学图书馆
呼和浩特市大学西路235号
中国·内蒙古
P: (0471) 4992561
E: huangfeilong@imu.edu.cn