Title |
ᠠᠭᠤᠳᠠᠮ ᠲᠠᠯ ᠠ ᠶᠢᠨ ᠮᠣᠩᠭᠤᠯᠴᠤᠳ ᠤᠨ ᠤᠯᠠᠮᠵᠢᠯᠠᠯᠲᠤ ᠵᠠᠩᠰᠢᠯ ᠤᠨ ᠵᠢᠷᠤᠭ——《ᠬᠦᠬᠡ ᠰᠣᠳᠤᠷ》 ᠢ ᠣᠩᠰᠢᠭᠠᠳ |
Creator |
ᠳ᠋ᠸᠰᠸᠷᠠᠢᠵᠠᠪ |
Keyword |
ᠬᠦᠬᠡ ᠰᠣᠳᠤᠷ ᠤᠨ ᠲᠣᠬᠠᠢ ᠣᠤᠩᠰᠢᠭᠰᠠᠨ ᠲᠦᠷᠦᠭᠳᠡᠯ |
Abstract |
ᠠᠷᠪᠠᠨ ᠶᠢᠰᠦᠳᠦᠭᠡᠷ ᠵᠠᠭᠨ ᠤ ᠮᠣᠩᠭᠤᠯ ᠦᠨᠳᠦᠰᠦᠲᠠᠨ ᠠ ᠭᠠᠷᠮᠠᠭᠠᠢ ᠵᠣᠬᠢᠶᠠᠯᠴᠢ ᠢᠨᠵᠠᠨᠨᠠᠰᠢ ᠶᠢᠨ ᠪᠢᠴᠢᠭᠰᠡᠨ 《ᠬᠦᠬᠡ ᠰᠣᠳᠤᠷ 》 ᠲᠤ ᠮᠣᠩᠭᠤᠯᠴᠤᠳ ᠤᠨ ᠡᠷᠲᠡᠨ ᠦᠶ ᠡ ᠶᠢᠨ ᠵᠠᠩ ᠵᠠᠩᠰᠢᠯ ᠢ ᠤᠯᠠᠨ ᠲᠠᠯ ᠠ ᠪᠡᠷ ᠬᠠᠷᠠᠭᠤᠯᠤᠭᠰᠠᠨ ᠪᠠᠢᠠᠵᠢ᠃ ᠡᠢᠮᠦ ᠵᠠᠩ ᠵᠠᠩᠰᠢᠯ ᠢ ᠰᠢᠩᠭᠡᠭᠰᠡᠨ ᠡᠴᠡ ᠣᠩᠰᠢᠭᠴᠢᠳ ᠤᠨ ᠤᠮ ᠠ ᠵᠢ ᠲᠠᠲᠠᠵᠤ᠂ ᠤᠶᠤᠨ ᠳ᠋ᠤ ᠰᠠᠭᠤᠭᠳᠠᠬᠤ ᠶᠢᠨ ᠨᠢᠭᠡᠨ ᠰᠢᠯᠲᠠᠭᠠᠨ ᠪᠣᠯᠪᠠ᠃《 ᠬᠦᠬᠡ ᠰᠣᠳᠤᠷ》 ᠲᠤ ᠴᠢᠭᠤᠯᠭᠠᠨ ᠴᠤᠭᠯᠠᠬᠤ᠂ ᠬᠠᠭᠠᠨ ᠬᠦᠮᠦᠨ ᠢ ᠵᠠᠯᠠᠬᠤᠮ ᠰᠢᠨᠡᠯᠡᠬᠦ ᠶᠣᠰᠤ᠂ ᠡᠷ ᠡ ᠶᠢᠨ ᠭᠤᠷᠪᠠᠨ ᠨᠠᠭᠠᠳᠤᠮ᠂ ᠨᠢᠳᠤᠷᠮᠡᠭᠴᠢ ᠬᠦᠮᠦᠨ ᠢᠬᠦᠨᠳᠦᠳᠭᠡᠬᠦ᠂ ᠨᠠᠢᠷᠠᠯᠳᠤᠬᠤ ᠵᠠᠩᠰᠢᠯ᠂ ᠴᠡᠷᠢᠭ ᠲᠠᠢᠨ ᠳ᠋ᠤ ᠶᠠᠪᠤᠬᠤ ᠵᠣᠬᠢᠶᠠᠨ ᠪᠠᠢᠭᠤᠯᠤᠯᠲᠠ᠂ ᠤᠷᠤᠭ ᠬᠣᠷᠢᠮ᠂ ᠤᠷᠤᠨ ᠰᠠᠭᠤᠴᠠ᠂ ᠬᠤᠪᠴᠠᠰᠤ ᠬᠤᠨᠢᠷ᠂ ᠰᠠᠪᠠ ᠬᠡᠷᠡᠭᠰᠡᠯ᠂ ᠦᠩᠬᠡ ᠵᠢ ᠡᠷᠬᠢᠯᠡᠬᠦ᠂ ᠵᠦᠩ ᠪᠡᠯᠭᠡ ᠵᠢ ᠪᠡᠯᠭᠡᠳᠡᠬᠦ᠂ ᠡᠷᠲᠡᠨ ᠤ ᠰᠢᠳᠦᠭᠡᠨ᠂ ᠭᠡᠬᠦᠷ ᠤᠷᠤᠰᠢᠭᠤᠯᠬᠤ᠂ ᠵᠠᠷᠢᠮ ᠨᠡᠷᠡᠰ ᠤᠨ ᠲᠠᠢᠯᠪᠤᠷᠢ ᠬᠢᠭᠡᠳ ᠵᠠᠩ ᠵᠠᠩᠰᠢᠯ ᠤᠨ ᠢᠯᠡᠷᠡᠯ ᠵᠢ ᠬᠠᠷᠠᠭᠤᠯᠤᠭᠰᠠᠨ ᠪᠠᠢᠪᠠ᠃ ᠵᠣᠬᠢᠶᠠᠯᠴᠢ ᠢᠨᠵᠠᠨᠨᠠᠰᠢ ᠡᠳᠡᠭᠡᠷ ᠤᠯᠠᠨ ᠵᠠᠩ ᠵᠠᠩᠰᠢᠯ ᠢ ᠵᠦᠢᠴᠢᠯᠠᠨ ᠪᠣᠡᠳᠤᠵᠦ ᠰᠠᠨᠠᠭᠠᠨ ᠲᠠᠪᠠ ᠪᠡᠷ ᠢᠢᠡᠨ ᠵᠣᠬᠢᠶᠠᠭᠰᠠᠨ ᠪᠢᠰᠢ᠂ ᠦᠨᠦ ᠪᠣᠯᠲᠠᠯ ᠠ ᠦᠯᠡᠳᠡᠭᠳᠡᠵᠦ ᠪᠠᠢᠬᠤ ᠪᠢᠴᠢᠭ ᠨᠣᠮ ᠳ᠋ᠤ ᠦᠨᠳᠦᠰᠦ ᠪᠠᠷᠢᠮᠲᠠ ᠨᠢ ᠬᠠᠷᠠᠭᠳᠠᠵᠤ ᠪᠠᠢᠨ᠎ᠠ᠃ ᠲᠡᠭᠡᠷ ᠠ ᠲᠤᠷᠠᠳᠤᠭᠰᠠᠨ ᠤᠯᠠᠨ ᠲᠦᠷᠯ ᠤᠨ ᠵᠠᠩ ᠵᠠᠩᠰᠢᠯ ᠢ ᠲᠤᠤᠷᠠᠬᠢ ᠮᠡᠳᠦ ᠬᠡᠳᠦᠨ ᠪᠦᠯᠦᠭ ᠢᠢᠡᠷ ᠲᠤᠢᠮᠤᠴᠢᠯᠠᠨ ᠠᠩᠬᠢᠯᠠᠵᠦ ᠪᠣᠯᠤᠨ᠎ᠠ᠃ |
Original Literature |
No Original Paper
|
出自 |
内蒙古师范大学学报
1982年
第2期
|