Title |
ᠬᠣᠷᠴᠢᠨ ᠮᠣᠩᠭᠤᠯᠴᠤᠳ ᠤᠨ ᠮᠠᠯ ᠮᠠᠯᠵᠢᠯ ᠤᠨ ᠵᠠᠩ ᠦᠢᠯᠡ ᠶᠢᠨ ᠰᠤᠶᠤᠯ |
Creator |
ᠲᠤᠭ᠋ᠤᠰ; ᠰ · ᠲᠡᠷᠭᠡᠯ |
Keyword |
ᠬᠣᠷᠴᠢᠨ ᠮᠣᠩᠭᠤᠯᠴᠤᠳ; ᠮᠠᠯ ᠮᠠᠯᠵᠢᠯ; ᠵᠠᠩ ᠦᠢᠯᠡ ᠶᠢᠨ ᠰᠤᠶᠤᠯ |
Abstract |
ᠬᠣᠷᠴᠢᠨ ᠰᠤᠶᠤᠯ ᠪᠤᠯ ᠬᠣᠷᠴᠢᠨ ᠮᠣᠩᠭᠤᠯᠴᠤᠳ ᠤᠨ ᠡᠷᠬᠢᠯᠡᠵᠦ ᠢᠷᠡᠭᠰᠡᠨ ᠮᠠᠯ ᠮᠠᠯᠵᠢᠯ᠂ ᠲᠠᠷᠢᠶᠠᠯᠠᠩ ᠦᠢᠯᠡᠳᠪᠦᠷᠢᠯᠡᠯ ᠦᠨ ᠳᠦᠷᠦᠳᠡᠰᠦ ᠮᠦᠨ᠃ ᠡᠢᠮᠦ ᠪᠤᠯᠬᠤᠷ ᠬᠣᠷᠴᠢᠨ ᠮᠣᠩᠭᠤᠯᠴᠤᠳ ᠤᠨ ᠤᠯᠠᠮᠵᠢᠯᠠᠯᠲᠤ ᠲᠤᠯᠭ᠋ᠤᠷ ᠠᠵᠤ ᠠᠬᠤᠢᠯᠠᠯ ᠪᠤᠯᠤᠭᠰᠠᠨ ᠮᠠᠯᠵᠢᠬᠤ ᠰᠤᠶᠤᠯ ᠤᠨ ᠮᠦᠨ ᠲᠦᠷᠬᠦ ᠶᠢ ᠰᠢᠨᠵᠢᠯᠡᠨ ᠦᠭᠦᠯᠡᠬᠦ ᠨᠢ ᠬᠣᠷᠴᠢᠨ ᠰᠤᠶᠤᠯ ᠤᠨ ᠵᠢᠩᠬᠢᠨ᠋ᠢ ᠦᠨ᠎ᠡ ᠴᠠᠨ᠎ᠠ ᠶᠢ ᠨᠡᠭᠡᠭᠡᠨ ᠢᠯᠡᠷᠡᠭᠦᠯᠵᠦ᠂ ᠮᠣᠩᠭᠤᠯ ᠦᠨᠳᠦᠰᠦᠲᠡᠨ ᠦ ᠰᠤᠶᠤᠯ ᠰᠤᠳᠤᠯᠤᠯ ᠤᠨ ᠦᠢᠯᠡᠰ ᠢ ᠤᠯᠠᠮ ᠴᠢᠨ᠋ᠠᠭᠰᠢᠲᠠ ᠪᠠᠳᠠᠷᠠᠭ᠋ᠤᠯᠤᠨ ᠬᠦᠭᠵᠢᠭᠦᠯᠬᠦ ᠳᠦ ᠬᠦᠨᠳᠦ ᠴᠢᠬᠤᠯᠠ ᠠᠴᠢ ᠬᠤᠯᠪᠤᠭᠳᠠᠯ ᠲᠠᠢ ᠪᠠᠢᠳᠠᠭ᠃ ᠲᠤᠰ ᠦᠭᠦᠯᠡᠯ 《ᠠᠳᠤᠭ᠋ᠤ ᠠᠷᠠᠴᠢᠯᠠᠵᠤ ᠡᠳ᠋ᠯᠡᠬᠦ ᠶᠤᠰᠤᠨ》᠂ 《ᠦᠬᠡᠷ ᠠᠷᠠᠴᠢᠯᠠᠵᠤ ᠡᠳ᠋ᠯᠡᠬᠦ ᠶᠤᠰᠤᠨ》᠂ 《ᠲᠡᠮᠡᠭᠡ ᠠᠷᠠᠴᠢᠯᠠᠵᠤ ᠡᠳ᠋ᠯᠡᠬᠦ ᠶᠤᠰᠤᠨ》᠂ 《ᠬᠤᠨ᠋ᠢ ᠢᠮᠠᠭ᠎ᠠ ᠠᠷᠠᠴᠢᠯᠠᠵᠤ ᠡᠳ᠋ᠯᠡᠬᠦ ᠶᠤᠰᠤᠨ》 ᠭᠡᠬᠦ ᠳᠦᠷᠪᠡᠨ ᠪᠦᠯᠦᠭ ᠡᠴᠡ ᠪᠦᠷᠢᠯᠳᠦᠵᠦ᠂ ᠬᠣᠷᠴᠢᠨ ᠮᠣᠩᠭᠤᠯᠴᠤᠳ ᠤᠨ ᠮᠠᠯᠵᠢᠬᠤ ᠦᠢᠯᠡᠳᠪᠦᠷᠢᠯᠡᠯ ᠦᠨ ᠦᠪᠡᠷᠮᠢᠴᠡ ᠲᠤᠭᠲᠠᠴᠠ᠂ ᠤᠬᠠᠮᠰᠠᠷ ᠰᠡᠳᠬᠢᠭᠦᠢ᠂ ᠠᠷᠭ᠎ᠠ ᠮᠡᠷᠭᠡᠵᠢᠯ ᠲᠡᠷᠢᠭᠦᠲᠡᠨ ᠢ ᠦᠭᠦᠯᠡᠨ ᠲᠤᠳᠤᠷᠬᠠᠢᠯᠠᠭᠰᠠᠨ ᠪᠠᠢᠨ᠎ᠠ᠃ |
Original Literature |
No Original Paper
|
出自 |
内蒙古民族大学学报(社会科学)
2001年
第4期
|