Paper Information


Title ᠰᠤᠶᠤᠯ ᠤᠨ ᠬᠤᠪᠢᠷᠠᠯᠲᠠ ᠪᠤᠯᠤᠨ ᠲᠤᠤᠯᠢᠰ ᠤᠨ ᠬᠦᠭ᠍ᠵᠢᠯ — ᠮᠣᠩᠭ᠋ᠤᠯ ᠪᠠᠭᠠᠲᠤᠷᠯᠢᠭ ᠲᠤᠤᠯᠢᠰ ᠤᠨ ᠬᠦᠭ᠍ᠵᠢᠯ ᠦᠨ ᠲᠤᠬᠠᠢ ᠬᠦᠳᠡᠯᠦᠩᠭᠦᠢ ᠲᠤᠯᠢᠳᠤᠯ
Creator ᠪ‍ · ᠪᠦᠷᠢᠨᠪᠡᠬᠢ
Keyword
Abstract ᠲᠤᠰ ᠦᠭᠦᠯᠡᠯ ᠮᠣᠩᠭ᠋ᠤᠯ ᠪᠠᠭᠠᠲᠤᠷᠯᠢᠭ ᠲᠤᠤᠯᠢᠰ ᠤᠨ ᠬᠦᠭ᠍ᠵᠢᠯ ᠢ ᠰᠤᠶᠤᠯ ᠤᠨ ᠬᠤᠪᠢᠷᠠᠯᠲᠠ ᠲᠠᠢ ᠤᠶᠠᠯᠥᠳᠤᠭᠤᠯᠤᠨ ᠰᠢᠨᠵᠢᠭᠡᠳ ᠲᠤᠤᠯᠢᠰ ᠲᠤᠭᠤᠷᠪᠢᠯ ᠤᠨ ᠦᠨᠳᠦᠰᠦᠨ ᠭᠤᠷᠪᠠᠨ ᠲᠦᠷᠬᠦ (ᠢᠵᠠᠭᠤᠷ ᠲᠤᠤᠯᠢᠰ᠂ ᠲᠡᠭᠦᠯᠳᠡᠷ ᠲᠤᠤᠯᠢᠰ᠂ ᠬᠤᠪᠢᠯᠤᠮᠠᠯ ᠲᠤᠤᠯᠢᠰ)᠋ ᠶᠢ ᠳᠤᠷᠠᠳᠤᠨ ᠭᠠᠷᠭᠠᠵᠠᠢ᠃ ᠲᠤᠤᠯᠢᠰ ᠲᠠᠬᠢ ᠪᠤᠷᠬᠠᠨ ᠱᠠᠰᠢᠨ ᠤ ᠨᠦᠯᠦᠭᠡ ᠶᠢ ᠰᠢᠨᠵᠢᠯᠡᠬᠦ ᠳᠡᠭᠡᠨ ᠢᠵᠠᠭᠤᠷ ᠲᠤᠤᠯᠢᠰ ᠲᠤ ᠪᠦᠬᠡ ᠮᠦᠷᠭᠦᠯ ᠦᠨ ᠨᠦᠯᠦᠭᠡ ᠭᠤᠤᠯ ᠪᠤᠯᠬᠤ ᠠᠴᠠ ᠪᠢᠰᠢ ᠪᠤᠷᠬᠠᠨ ᠱᠠᠰᠢᠨ ᠤ ᠨᠦᠯᠦᠭᠡ ᠪᠠᠷᠤᠭ ᠬᠠᠷᠠᠭᠳᠠᠬᠤ ᠦᠭᠡᠢ᠃ ᠲᠡᠭᠦᠯᠳᠡᠷ ᠲᠤᠤᠯᠢᠰ ᠲᠤ ᠪᠤᠷᠬᠠᠨ ᠱᠠᠰᠢᠨ ᠤ ᠨᠦᠯᠦᠭᠡ ᠠᠳᠠᠯᠢ ᠪᠤᠰᠤ ᠲᠤᠤᠯᠢᠰ ᠲᠤ ᠠᠳᠠᠯᠢ ᠪᠤᠰᠤ ᠬᠡᠮᠵᠢᠶ᠎ᠡ ᠪᠡᠷ ᠳᠤᠰᠬᠠᠭᠳᠠᠭᠰᠠᠨ᠂ ᠡᠭᠦᠨ ᠳᠦ ᠡᠨᠡᠳᠬᠡᠭ᠌ ᠲᠦᠪᠡᠳ ᠡᠴᠡ ᠢᠷᠡᠯᠲᠡᠢ ᠪᠤᠶᠤ ᠲᠡᠭᠦᠨ ᠦ ᠨᠦᠯᠦᠭᠡᠨ ᠳᠤᠤᠷ᠎ᠠ ᠪᠤᠢ ᠪᠤᠯᠤᠭᠰᠠᠨ ᠮᠣᠩᠭ᠋ᠤᠯ ᠭᠡᠰᠡᠷ (ᠪᠤᠷᠢᠶᠠᠳ ᠭᠡᠰᠡᠷ ᠡᠭᠦᠨ ᠳᠦ ᠦᠯᠦ ᠪᠠᠭᠲᠠᠨ᠎ᠠ) ᠲᠤ ᠪᠤᠷᠬᠠᠨ ᠱᠠᠰᠢᠨ ᠤ ᠨᠦᠯᠦᠭᠡ ᠨᠡᠯᠢᠶᠡᠳ ᠵᠠᠮᠪᠠᠷᠠᠭᠠᠳᠠᠢ ᠳᠦᠷᠰᠦᠯᠡᠭᠳᠡᠵᠦ᠂ ᠬᠤᠪᠢᠯᠤᠮᠠᠯ ᠲᠤᠤᠯᠢᠰ ᠲᠤ ᠪᠦᠬᠡ ᠮᠦᠷᠭᠦᠯ ᠦᠨ ᠨᠦᠯᠦᠭᠡ᠂ ᠪᠤᠷᠬᠠᠨ ᠱᠠᠰᠢᠨ ᠤ ᠨᠦᠯᠦᠭᠡ ᠪᠤᠯᠤᠨ ᠲᠠᠷᠢᠶᠠᠯᠠᠬᠤ ᠰᠤᠶᠤᠯ ᠤᠨ ᠨᠦᠯᠦᠭᠡ ᠬᠠᠷᠢᠯᠴᠠᠨ ᠨᠡᠪᠴᠢᠭᠰᠡᠨ ᠶᠡᠬᠡᠯ᠎ᠡ ᠰᠤᠨᠢᠷᠬᠠᠯᠲᠠᠢ ᠰᠤᠶᠤᠯ ᠤᠨ ᠨᠡᠢ᠌ᠯᠢᠭ᠌ ᠲᠦᠷᠬᠦ ᠪᠡᠷ ᠪᠤᠯᠤᠭᠰᠠᠨ ᠢ ᠴᠢᠬᠤᠯᠠᠴᠢᠯᠠᠨ ᠦᠭᠦᠯᠡᠵᠡᠢ᠃ ᠬᠤᠷᠴᠢᠨ ᠲᠤᠤᠯᠢᠰ ᠢ ᠵᠠᠳᠠᠯᠤᠨ ᠰᠢᠨᠵᠢᠯᠡᠬᠦ ᠶᠢ ᠳᠠᠮᠵᠢᠭᠤᠯᠤᠨ᠂ ᠦᠨᠳᠦᠰᠦᠨ ᠮᠤᠲ᠋ᠢᠹ᠂ ᠳᠦᠷᠢ ᠲᠤᠭᠲᠠᠯᠴᠠᠭ᠎ᠠ᠂ ᠣᠷᠴᠢᠨ ᠠᠬᠤᠢ᠂ ᠵᠤᠬᠢᠶᠠᠮᠵᠢ ᠪᠦᠲᠦᠴᠡ ᠵᠡᠷᠭᠡ ᠲᠠᠯ᠎ᠠ ᠪᠠᠷ ᠢᠯᠡᠷᠡᠭᠰᠡᠨ ᠲᠠᠷᠢᠶᠠᠯᠠᠬᠤ ᠰᠤᠶᠤᠯ᠂ ᠪᠸᠡᠰᠡᠨ ᠦᠯᠢᠭᠡᠷ ᠦᠨ ᠨᠦᠯᠦᠭᠡ ᠶᠢ ᠨᠠᠷᠢᠪᠴᠢᠯᠠᠨ ᠰᠢᠨᠵᠢᠯᠡᠭᠰᠡᠨ ᠪᠠᠢ᠌ᠨ᠎ᠠ᠃
Original Literature No Original Paper
出自 内蒙古大学学报 1996年 第4期

联系我们


内蒙古大学图书馆
呼和浩特市大学西路235号
中国·内蒙古
P: (0471) 4992561
E: huangfeilong@imu.edu.cn