Paper Information


Title ᠯᠤᠪᠰᠠᠩᠴᠤᠢ᠌ᠳᠠᠨ ᠤ ᠨᠡᠢ᠌ᠭᠡᠮ ᠤᠨ ᠭᠦᠨ ᠤᠬᠠᠭᠠᠨ ᠤ ᠦᠵᠡᠯ ᠰᠠᠨᠠᠭ᠎ᠠ ᠶᠢ ᠦᠭᠦᠯᠡᠬᠦ ᠨᠢ
Creator ᠨ • ᠰᠸᠷᠡᠩ
Keyword ᠯᠤᠪᠰᠠᠩᠴᠤᠢ᠌ᠳᠠᠨ; ᠦᠵᠡᠯ ᠰᠠᠨᠠᠭ᠎ᠠ; ᠨᠡᠢ᠌ᠭᠡᠮ ᠤᠨ ᠭᠦᠨ ᠤᠬᠠᠭᠠᠨ ᠤ ᠦᠵᠡᠯ ᠰᠠᠨᠠᠭ᠎ᠠ
Abstract ᠯᠤᠪᠰᠠᠩᠴᠤᠢ᠌ᠳᠠᠨ ᠤ ᠭᠦᠨ ᠤᠬᠠᠭᠠᠨ ᠤ ᠦᠵᠡᠯ ᠰᠠᠨᠠᠭ᠎ ᠠ ᠶᠢ ᠰᠤᠳᠤᠯᠬᠤ  ᠳᠤ ᠵᠠᠪᠠᠯ ᠤᠳᠤ ᠦᠶ᠎ᠡ ᠶᠢᠨ ᠡᠷᠳᠡᠮ ᠰᠢᠨᠵᠢᠯᠡᠭᠡᠨ ᠤ ᠤᠷᠴᠢᠨ ᠳᠤ ᠰᠠᠭᠤᠷᠢᠯᠠᠵᠤ᠂ ᠲᠡᠭᠦᠨ ᠤ ᠦᠵᠡᠯ ᠰᠠᠨᠠᠭ᠎ᠠ ᠶᠢ ᠨᠡᠩ ᠵᠦᠪ ᠤᠨᠤᠪᠴᠢ ᠲᠠᠢ ᠪᠤᠶᠤ ᠲᠡᠭᠦᠨ ᠤ ᠦᠵᠡᠯ ᠰᠠᠨᠠᠭᠠᠨ ᠤ ᠮᠦᠨ ᠲᠦᠷᠢ ᠪᠠᠢ᠌ᠳᠠᠯ ᠢ ᠢᠯᠡᠳᠭᠡᠵᠦ ᠲᠡᠢ᠌ᠯᠬᠦ ᠰᠢᠨ᠎ᠡ ᠠᠷᠭ᠎ᠠ ᠬᠡᠯᠪᠡᠷᠢ ᠶᠢ ᠰᠦᠪᠡᠭ᠍ᠴᠢᠯᠡᠬᠦ ᠬᠡᠷᠡᠭᠳᠡᠢ ᠪᠤᠯᠤᠭᠰᠠᠨ ᠪᠦᠭᠡᠳ ᠮᠦᠨ ᠴᠤ ᠡᠢ᠌ᠮᠦ ᠪᠤᠯᠤᠯᠴᠠᠭ᠎ᠠ ᠲᠠᠢ ᠪᠤᠯᠵᠠᠢ᠃ ᠤᠳᠤ ᠪᠠᠰᠠ ᠦᠷᠭᠦᠯᠵᠢᠯᠡᠨ ᠶᠠᠮᠠᠷ ᠨᠢᠭᠡ ᠠᠭᠤᠤ ᠶᠡᠬᠡ ᠬᠦᠮᠦᠨ ᠤ 《ᠵᠤᠭᠰᠤᠯᠳᠠ᠂ ᠦᠵᠡᠯᠳᠡ ᠪᠠ ᠠᠷᠭ᠎ᠠ》ᠭᠡᠳᠡᠭ ᠲᠤ ᠲᠦᠰᠢᠭᠯᠡᠬᠦ ᠪᠤᠶᠤ ᠲᠡᠳᠡᠨ ᠤ ᠨᠡᠷ᠎ᠡ ᠳᠤ ᠬᠠᠯᠳᠠᠭᠠᠵᠤ ᠬᠡᠪᠰᠢᠭᠦᠯᠦᠭᠰᠡᠨ ᠲᠡᠷᠡ ᠬᠦ ᠭᠦᠨ ᠤᠬᠠᠭᠠᠨ ᠤ ᠰᠤᠷᠬᠤ ᠲᠡᠪᠳᠡᠷ ᠤᠨ ᠠᠭᠤᠯᠭ᠎ᠠ ᠶᠢ ᠦᠨᠳᠦᠰᠦᠯᠡᠵᠦ᠂ ᠠᠯᠪᠠ ᠪᠡᠷ ᠤᠷᠤᠨ ᠰᠠᠭᠤᠳᠠᠯ ᠲᠤᠬᠢᠷᠠᠭᠤᠯᠤᠨ ᠦᠭᠴᠦ《ᠪᠤᠳᠠᠰᠴᠢ ᠦᠵᠡᠯ》 ᠤᠨ ᠪᠤᠶᠤ《ᠰᠡᠳᠭᠢᠯᠴᠢ ᠦᠵᠡᠯ》 ᠤᠨ ᠡᠰᠡᠭᠦᠯ᠎ᠡ《ᠬᠤᠪᠢᠰᠤᠩᠭ᠋ᠤᠢ ᠠᠷᠭ᠎ᠠ》 ᠶᠢᠨ ᠬᠢ ᠪᠤᠯᠭᠠᠵᠤ᠂ ᠲᠤᠬᠢᠶᠠᠨ ᠲᠤᠬᠤᠵᠤ ᠲᠠᠪᠳᠠᠨ ᠨᠤᠷᠰᠢᠪᠠᠯ ᠨᠢᠭᠡᠨᠳᠡ ᠴᠠᠭ ᠡᠴᠡ ᠦᠩᠭᠡᠷᠡᠭᠰᠡᠨ ᠠᠷᠭ᠎ᠠ ᠬᠡᠯᠪᠡᠷᠢ ᠪᠤᠯᠬᠤ ᠡᠴᠡ ᠵᠠᠢ᠌ᠯᠠᠵᠤ ᠴᠢᠳᠠᠬᠤ ᠦᠭᠡᠢ ᠪᠦᠭᠡᠳ ᠡᠨᠡ ᠬᠦ ᠤᠳᠬ᠎᠎ᠠ ᠠᠭᠤᠯᠭ᠎ᠠ ᠲᠠᠢ ᠲᠤᠮᠤᠬᠠᠨ ᠡᠷᠳᠡᠮ ᠰᠢᠨᠵᠢᠯᠡᠭᠡᠨ ᠤ ᠰᠡᠳᠦᠪ ᠢ ᠤᠷᠤᠭᠰᠢ ᠲᠦᠯᠬᠢᠨ ᠠᠬᠢᠭᠤᠯᠵᠤ ᠨᠡᠩ ᠲᠡᠢ᠌ᠯᠬᠦ ᠦᠭᠡᠢ ᠶᠤᠮ᠃ ᠡᠢ᠌ᠨ ᠬᠦ ᠪᠢᠳᠡ ᠡᠨᠳᠡ《ᠨᠡᠢ᠌ᠭᠡᠮ ᠤᠨ ᠭᠦᠨ ᠤᠬᠠᠭᠠᠨ》ᠬᠡᠮᠡᠬᠦ ᠬᠠᠷᠠᠭᠠᠰᠤ ᠡᠴᠡ ᠯᠤᠪᠰᠠᠩᠴᠤᠢ᠌ᠳᠠᠨ ᠤ ᠭᠦᠨ ᠤᠬᠠᠭᠠᠨ ᠤ ᠦᠵᠡᠯ ᠰᠠᠨᠠᠭ᠎ᠠ ᠶᠢ ᠰᠤᠳᠤᠯᠬᠤ ᠵᠤᠷᠢᠯᠳᠠ ᠲᠠᠯᠪᠢᠭᠰᠠᠨ ᠪᠠᠢ᠌ᠨ᠎ᠠ᠃
Original Literature View Original Paper
出自 中国蒙古学 2015年 第6期

联系我们


内蒙古大学图书馆
呼和浩特市大学西路235号
中国·内蒙古
P: (0471) 4992561
E: huangfeilong@imu.edu.cn