Paper Information


Title ᠵᠠᠷᠤᠳᠴᠤᠳ ᠤᠨ 《ᠵᠠᠭ》 ᠢᠳᠡᠭᠡᠨ ᠦ ᠲᠤᠬᠠᠢ ᠦᠭᠦᠯᠡᠬᠦ ᠨᠢ
Creator ᠪᠠᠢ ᠭᠠᠩ
Keyword 《ᠵᠠᠭ》 ᠢᠳᠡᠭᠡᠨ; ᠵᠠᠬ᠎ᠠ ᠳᠡᠯᠭᠡᠭᠦᠷᠵᠢᠯᠲᠡ; ᠴᠠᠭ ᠤᠨ ᠦᠩᠭᠡ
Abstract ᠵᠠᠷᠤᠳᠴᠤᠳ ᠤᠨ ᠨᠤᠲᠤᠭ ᠨᠢ ᠲᠦᠩᠯᠢᠶᠤᠤ ᠬᠤᠲᠠ ᠶᠢᠨ ᠤᠮᠠᠷᠠᠲᠤ ᠬᠡᠰᠡᠭ ᠲᠦ ᠪᠠᠢᠷᠢᠯᠠᠵᠤ᠂ ᠬᠡᠯᠡ ᠰᠤᠶᠤᠯ᠂ ᠠᠮᠢᠳᠤᠷᠠᠯ ᠳᠠᠳᠬᠠᠯ ᠤᠨ ᠬᠤᠪᠢ ᠳᠤ ᠬᠤᠷᠴᠢᠨᠴᠤᠳ ᠤᠨ ᠳᠤᠲᠤᠷ᠎ᠠ (ᠵᠠᠰᠠᠭ ᠵᠠᠬᠢᠷᠭᠠᠨ ᠤ ᠬᠤᠪᠢᠶᠠᠷᠢ ᠶᠢᠨ ᠬᠤᠪᠢ ᠳᠤ ᠵᠠᠷᠤᠳᠴᠤᠳ ᠢ ᠬᠤᠷᠴᠢᠨ ᠳᠤ ᠪᠠᠭᠲᠠᠭᠠᠵᠤ ᠪᠠᠢᠳᠠᠭ) ᠬᠠᠷᠢᠴᠠᠩᠭᠤᠢ ᠪᠠᠷ ᠮᠣᠩᠭᠤᠯ ᠣᠨᠴᠠᠯᠢᠭ ᠢᠶᠠᠨ ᠳᠡᠢᠯᠦᠩᠭᠢ ᠬᠠᠳᠠᠭᠠᠯᠠᠵᠤ ᠪᠠᠢᠭ᠎ᠠ ᠪᠠᠷ ᠢᠶᠠᠨ ᠣᠨᠴᠠᠯᠢᠭᠳᠠᠵᠤ ᠪᠠᠢᠳᠠᠭ᠃ ᠦᠭᠦᠯᠡᠯ ᠳᠦ ᠵᠠᠷᠤᠳ ᠮᠣᠩᠭᠤᠯᠴᠤᠳ ᠤᠨ ᠳᠤᠲᠤᠷ᠎ᠠ᠂ ᠢᠯᠠᠩᠭᠤᠶ᠎ᠠ ᠵᠠᠷᠤᠳ ᠤᠨ ᠳᠡᠭᠡᠳᠦ ᠵᠠᠬ᠎ᠠ ᠪᠠᠷ ᠣᠷᠤᠰᠢᠵᠤ ᠪᠠᠢᠭ᠎ᠠ ᠪᠠᠶᠠᠷᠲᠤᠬᠤᠰᠢᠭᠤ᠂ ᠭᠡᠷᠴᠢᠯᠠᠭᠤ᠂ ᠠᠷᠤ ᠬᠦᠨᠳᠡᠯᠡᠨ ᠵᠡᠷᠭᠡ ᠨᠤᠲᠤᠭ ᠤᠨ ᠬᠢᠨ ᠦ ᠢᠳᠡᠭᠡᠨ ᠤᠮᠳᠠᠭᠠᠨ ᠤ ᠰᠤᠶᠤᠯ ᠳᠤ ᠦᠪᠡᠷᠮᠢᠴᠡ ᠣᠨᠴᠠᠯᠢᠭ ᠲᠠᠢ ᠪᠠᠷ ᠬᠠᠳᠠᠭᠠᠯᠠᠭᠳᠠᠵᠤ ᠢᠷᠡᠭᠰᠡᠨ 《ᠵᠠᠭ》 ᠭᠡᠬᠦ ᠢᠳᠡᠭᠡᠨ ᠦ ᠲᠤᠬᠠᠢ ᠲᠤᠳᠤᠷᠬᠠᠢᠯᠠᠨ ᠦᠭᠦᠯᠡᠵᠦ᠂ ᠬᠤᠲᠠᠴᠢᠯᠠᠭᠳᠠᠨ ᠲᠠᠶᠠᠭᠠᠷᠴᠢᠯᠠᠭᠳᠠᠵᠤ ᠪᠠᠢᠭ᠎ᠠ ᠡᠨᠡ ᠡᠷᠢᠨ ᠦ ᠮᠣᠩᠭᠤᠯ ᠢᠳᠡᠭᠡᠨ ᠤᠮᠳᠠᠭᠠᠨ ᠤ ᠲᠠᠸᠠᠷᠴᠢᠯᠠᠯᠲᠠ ᠶᠢᠨ ᠪᠠᠢᠳᠠᠯ ᠢ ᠪᠤᠳᠠᠲᠠᠢ ᠪᠠᠷ ᠵᠠᠳᠠᠯᠤᠨ ᠰᠢᠨᠵᠢᠯᠡᠭᠰᠡᠨ ᠪᠠᠢᠨ᠎ᠠ᠃
Original Literature No Original Paper
出自 内蒙古师范大学学报 2014年 第4期

联系我们


内蒙古大学图书馆
呼和浩特市大学西路235号
中国·内蒙古
P: (0471) 4992561
E: huangfeilong@imu.edu.cn