Paper Information


Title 《ᠮᠤᠩᠭ᠋ᠤᠯ ᠤᠨ ᠨᠢᠭᠤᠴᠠ ᠲᠤᠪᠴᠢᠶᠠᠨ》ᠬᠢᠭᠡᠳ ᠠᠷᠢᠶᠠᠨ ᠰᠤᠶᠤᠯ ᠤᠨ ᠬᠠᠷᠢᠴᠠᠭ᠎ᠠ
Creator ᠱᠤᠩᠬᠤᠷ
Keyword 《ᠮᠤᠩᠭ᠋ᠤᠯ ᠤᠨ ᠨᠢᠭᠤᠴᠠ ᠲᠤᠪᠴᠢᠶᠠᠨ》; 《ᠬᠤᠮᠸᠷ ᠤᠨ ᠲᠤᠤᠯᠢ》; ᠠᠷᠢᠶᠠᠨ ᠰᠤᠶᠤᠯ; ᠲᠡᠮᠦᠷᠴᠢᠨ; ᠰᠠᠨᠰᠺᠷᠢᠲ᠋ ᠬᠡᠯᠡ
Abstract ᠦᠭᠦᠯᠡᠯ ᠳᠤ《ᠮᠤᠩᠭ᠋ᠤᠯ ᠤᠨ ᠨᠢᠭᠤᠴᠠ ᠲᠤᠪᠴᠢᠶᠠᠨ》ᠳ᠋ᠡᠬᠢ ᠵᠠᠷᠢᠮ ᠲᠡᠮᠳᠡᠭᠯᠡᠯ ᠢ ᠠᠷᠢᠶᠠᠨ ᠰᠤᠶᠤᠯ ᠯᠤᠭ᠎ᠠ ᠬᠠᠷᠢᠴᠠᠭᠤᠯᠤᠨ ᠰᠤᠳᠤᠯᠵᠤ᠂《ᠮᠤᠩᠭ᠋ᠤᠯ ᠤᠨ ᠨᠢᠭᠤᠴᠠ ᠲᠤᠪᠴᠢᠶᠠᠨ》ᠨᠢ ᠡᠨᠡᠳᠭᠡᠭ᠌ ᠬᠡᠯᠡ ᠰᠤᠶᠤᠯ ᠤᠨ ᠨᠦᠯᠦᠭᠡ ᠶᠢ ᠬᠦᠷᠳᠡᠭᠰᠡᠨ ᠲᠡᠳᠦᠢ ᠦᠭᠡᠢ᠂ ᠪᠠᠰᠠ ᠭᠷᠸᠭ᠌ ᠤᠨ ᠰᠤᠶᠤᠯ ᠤᠷᠠᠯᠢᠭ ᠲᠤ ᠴᠤ ᠨᠦᠯᠦᠭᠡᠯᠡᠭᠳᠡᠭᠰᠡᠨ᠃ ᠡᠭᠦᠨ ᠳᠤ ᠱᠢᠭᠡᠮᠦᠨᠢ ᠪᠤᠷᠬᠠᠨ ᠪᠠ ᠪᠤᠭᠳᠠ ᠴᠢᠩᠭᠢᠰ ᠬᠠᠭᠠᠨ ᠮᠡᠨᠳᠦᠯᠡᠬᠦ ᠲᠤᠬᠠᠢ ᠳᠤ ᠲᠡᠮᠦᠷᠵᠢᠨ ᠲᠠᠢ ᠬᠤᠯᠪᠤᠭᠳᠠᠭᠰᠠᠨ ᠢᠵᠢᠯ ᠰᠤᠶᠤᠯ ᠤᠨ ᠮᠤᠲ᠋ᠢᠹ ᠬᠢᠭᠡᠳ《ᠮᠤᠩᠭ᠋ᠤᠯ ᠤᠨ ᠨᠢᠭᠤᠴᠠ ᠲᠤᠪᠴᠢᠶᠠᠨ》 ᠳ᠋ᠡᠬᠢ ᠲᠠᠶᠠᠩ ᠬᠠᠨ ᠪᠠ ᠵᠠᠮᠤᠬ᠎ᠠ ᠶᠢᠨ ᠶᠠᠷᠢᠯᠴᠠᠭ᠎ᠠ ᠶᠢ《ᠬᠤᠮᠸᠷ ᠤᠨ ᠲᠤᠤᠯᠢ》ᠳ᠋ᠡᠬᠢ ᠫᠷᠶᠠᠮᠤᠰ ᠬᠠᠭᠠᠨ ᠪᠠ ᠾᠸᠯᠸᠨ ᠤ ᠶᠠᠷᠢᠯᠴᠠᠭ᠎ᠠ ᠯᠤᠭ᠎ᠠ ᠬᠠᠷᠢᠴᠠᠭᠤᠯᠵᠤ᠂ ᠲᠤᠬᠠᠢ ᠶᠢᠨ ᠦᠶ᠎ᠡ ᠶᠢᠨ ᠮᠤᠨᠭ᠋ᠤᠯ ᠰᠤᠶᠤᠯ ᠤᠨ ᠲᠦᠯᠦᠪᠰᠢᠷᠡᠯ ᠨᠢ ᠠᠷᠢᠶᠠᠨ ᠰᠤᠶᠤᠯ ᠲᠠᠢ ᠶᠡᠬᠡᠬᠡᠨ ᠬᠤᠯᠪᠤᠭᠳᠠᠬᠤ ᠪᠤᠯᠤᠨ᠎ᠠ; 《ᠮᠤᠩᠭ᠋ᠤᠯ ᠤᠨ ᠨᠢᠭᠤᠴᠠ ᠲᠤᠪᠴᠢᠶᠠᠨ》ᠬᠠᠭᠤᠳᠠᠰᠤ ᠨᠡᠭᠡᠭᠡᠮᠡᠭᠴᠡ ᠪᠦᠷᠳᠡ ᠴᠢᠨᠤ᠎ᠠ᠂ ᠬᠤᠸᠠ ᠮᠠᠷᠠᠯ ᠢ《ᠲᠠᠩᠭᠢᠰ ᠭᠡᠳᠦᠯᠵᠦ ᠢᠷᠡᠪᠡ》ᠭᠡᠵᠦ ᠲᠡᠮᠳᠡᠭᠯᠡᠭᠰᠡᠨ ᠨᠢ ᠮᠤᠩᠭ᠋ᠤᠯ ᠰᠤᠶᠤᠯ ᠤᠤᠯ ᠨᠢ ᠲᠠᠯᠠᠢ ᠪᠡᠷ ᠠᠶᠠᠯᠠᠭᠴᠢ ᠦᠨᠳᠦᠰᠦᠳᠡᠨ ᠤ ᠰᠤᠶᠤᠯ ᠲᠠᠢ ᠵᠤᠬᠢᠬᠤ ᠬᠤᠯᠪᠤᠭᠠᠳᠠᠢ ᠪᠠᠢ᠌ᠭᠰᠠᠨ ᠢ ᠲᠤᠬᠢᠵᠤ ᠪᠠᠢ᠌ᠨ᠎ᠠ ᠭᠡᠵᠦ ᠦᠵᠡᠵᠡᠢ᠃
Original Literature No Original Paper
出自 内蒙古社会科学(蒙文版) 2001年 第4期

联系我们


内蒙古大学图书馆
呼和浩特市大学西路235号
中国·内蒙古
P: (0471) 4992561
E: huangfeilong@imu.edu.cn