Paper Information


Title ᠤᠳᠭ ᠠ ᠵᠣᠬᠢᠶᠠᠯ ᠤᠨ ᠦᠨᠳᠦᠰᠦᠲᠡᠨ ᠤ ᠣᠨᠴᠠᠯᠢᠭ ᠤᠨ ᠲᠣᠬᠠᠢ ᠬᠠᠭᠤᠴᠢᠨ ᠵᠣᠭᠤᠭ ᠢ ᠳᠠᠬᠢᠨ ᠶᠠᠷᠢᠬᠤ ᠵᠢᠨ ᠤᠴᠢᠷ
Creator ᠪ·ᠭᠡᠷᠡᠯᠲᠦ
Keyword ᠦᠨᠳᠦᠰᠦᠲᠡᠨ ᠤ ᠣᠨᠴᠠᠯᠢᠭ; ᠡᠬᠡ ᠬᠡᠯᠡ; ᠰᠣᠶᠤᠯ ᠤᠨ ᠪᠡᠯᠭᠡ ᠲᠡᠮᠳᠡᠭ ᠪᠠ ᠠᠮᠢᠳᠤᠷᠠᠬᠤ ᠵᠣᠷᠢᠭ ᠰᠠᠨᠠᠭ᠋ ᠠ
Abstract ᠲᠦᠷᠦᠯᠬᠢ ᠬᠡᠯᠡ ᠪᠡᠷ ᠵᠢᠡᠨ ᠵᠣᠬᠢᠶᠠᠯ ᠲᠤᠭᠤᠷᠪᠢᠬᠤ ᠨᠢ ᠤᠳᠭ ᠠ ᠵᠣᠬᠢᠶᠠᠯ ᠤᠨ ᠦᠨᠳᠦᠰᠦᠲᠡᠨ ᠤ ᠣᠨᠴᠠᠯᠢᠭ ᠢ ᠪᠠᠲᠤᠯᠠᠬᠤ ᠰᠠᠭᠤᠷᠢ ᠪᠣᠯᠤᠨ᠌ ᠠ᠃ ᠦᠨᠳᠦᠰᠦᠲᠡᠨ ᠤ ᠵᠣᠬᠢᠶᠠᠯᠴᠢ ᠵᠢᠨ ᠲᠦᠷᠦᠯᠬᠢ ᠬᠡᠯᠡᠨ ᠤ ᠵᠣᠬᠢᠶᠠᠯ ᠲᠤᠭᠤᠷᠪᠢᠯ ᠨᠢ ᠲᠤᠰ ᠦᠨᠳᠦᠰᠦᠲᠡᠨ ᠤ ᠪᠡᠨ ᠦᠨᠳᠦᠰᠦᠨ ᠴᠢᠨᠠᠷ ᠲᠠᠢ ᠰᠣᠶᠤᠯ ᠤᠨ ᠪᠡᠯᠭᠡ ᠲᠡᠮᠳᠡᠭ ᠪᠣᠯᠤᠨ᠌ ᠠ᠂ ᠮᠦᠨ ᠴᠦ ᠲᠤᠰ ᠦᠨᠳᠦᠰᠦᠲᠡᠨ ᠤ ᠪᠡᠨ ᠣᠳᠤᠮ ᠤᠭᠰᠠᠭᠠᠲᠠᠨ ᠤ ᠤᠳᠭ ᠠ ᠵᠣᠬᠢᠶᠠᠯ ᠢ ᠤᠯᠠᠮᠵᠢᠯᠠᠨ ᠵᠠᠯᠭᠠᠮᠵᠢᠯᠠᠬᠤ ᠵᠢᠨ ᠠᠮᠢᠵᠢᠢᠷᠠᠯ ᠤᠨ ᠬᠦᠴᠦᠨ ᠪᠣᠯᠤᠨ᠌ ᠠ᠃ ᠦᠨᠳᠦᠰᠦᠲᠡᠨ ᠤ ᠵᠣᠬᠢᠶᠠᠯᠴᠢᠳ ᠤᠨ ᠲᠦᠷᠦᠯᠬᠢ ᠬᠡᠯᠡᠨ ᠤ ᠵᠣᠬᠢᠶᠠᠯ ᠲᠤᠭᠤᠷᠪᠢᠯ ᠨᠢ ᠦᠨᠳᠦᠰᠦ ᠤᠭᠰᠠᠭᠠᠨ ᠤ ᠪᠡᠨ ᠠᠷᠠᠳ ᠣᠯᠠᠨ ᠤ ᠨᠡᠶᠢᠭᠡᠮ ᠤᠨ ᠬᠠᠷᠢᠯᠴᠠᠭᠠᠨ ᠳᠡᠬᠢ ᠪᠡᠶ ᠡ ᠵᠢᠨ ᠭᠠᠷᠤᠯ ᠪᠠ ᠰᠣᠶᠤᠯ ᠤᠨ ᠦᠷ ᠡ ᠲᠣᠭᠤᠰᠤ ᠵᠢ ᠤᠯᠠᠮᠵᠢᠯᠠᠨ ᠵᠠᠯᠭᠠᠮᠵᠢᠯᠠᠬᠤ ᠪᠠᠶᠢᠬᠤ ᠵᠢ ᠢᠯᠡᠳᠭᠡᠬᠦ ᠪᠦᠭᠡᠳ ᠴᠢᠨᠠᠭᠰᠢᠳᠠ ᠲᠤᠰ ᠦᠨᠳᠦᠰᠦᠲᠡᠨ ᠤ ᠪᠡᠨ ᠪᠣᠯᠪᠠᠰᠤᠨ ᠰᠤᠷᠲᠠᠯ᠂ ᠰᠣᠨᠢᠷᠬᠠᠬᠤ ᠳᠠᠳᠭᠠᠯ᠂ ᠦᠪᠡᠷᠮᠢᠴᠡ ᠬᠡᠪ ᠨᠠᠮᠪᠠ᠂ ᠣᠳᠤᠮᠰᠢᠯᠲᠤ ᠭᠣᠣ ᠠ ᠲᠠᠭᠠᠰᠢᠶᠠᠯ᠂ ᠠᠮᠢᠳᠤᠷᠠᠬᠤ ᠵᠣᠷᠢᠭ ᠰᠠᠨᠠᠭ᠋ ᠠ ᠪᠣᠯᠤᠨ ᠡᠳᠡᠭᠡᠷ ᠤᠨ ᠬᠦᠭ᠍ᠵᠢᠯᠲᠡ ᠳᠤ ᠬᠠᠷᠢᠭᠤᠴᠠᠯᠭ᠋ ᠠ ᠡᠭᠦᠷᠭᠡᠯᠡᠬᠦ ᠵᠢᠨ ᠣᠯᠠᠮ ᠵᠢᠡᠷ ᠦᠨᠳᠦᠰᠦᠲᠡᠨ ᠤ ᠪᠡᠨ ᠨᠡᠷ ᠡ ᠬᠦᠨᠳᠦ ᠵᠢ ᠡᠷᠬᠦᠨ ᠲᠤᠯᠵᠤ ᠪᠠᠶᠢᠬ᠋ ᠠ ᠭᠣᠣᠯ ᠴᠡᠭ ᠪᠣᠯᠤᠨ᠌ ᠠ᠃
Original Literature View Original Paper
出自 内蒙古大学学报 2010年 第1期

联系我们


内蒙古大学图书馆
呼和浩特市大学西路235号
中国·内蒙古
P: (0471) 4992561
E: huangfeilong@imu.edu.cn