Paper Information


Title ᠵᠢᠮᠪᠠᠵᠠᠮᠰᠤ ᠵᠢᠨ ᠬᠠᠶᠢᠯᠠᠭᠰᠠᠨ《ᠪᠣᠭᠳᠠ ᠡᠵᠡᠨ ᠭᠡᠰᠡᠷ ᠬᠠᠭᠠᠨ》 ᠤ ᠬᠣᠯᠪᠤᠯᠲᠠ ᠤᠷᠠᠯᠢᠭ ᠤᠨ ᠲᠣᠬᠠᠢ
Creator ᠴᠢᠦ ᠰᠢ
Keyword ᠵᠢᠮᠪᠠᠵᠠᠮᠰᠤ;《ᠪᠣᠭᠳᠠ ᠡᠵᠡᠨ ᠭᠡᠰᠡᠷ ᠬᠠᠭᠠᠨ》; ᠬᠣᠯᠪᠤᠯᠲᠠ ᠵᠢᠨ ᠲᠦᠷᠦᠯ; ᠬᠣᠯᠪᠤᠯᠲᠠ ᠵᠢᠨ ᠣᠨᠴᠠᠯᠢᠭ
Abstract 《ᠪᠣᠭᠳᠠ ᠡᠵᠡᠨ ᠬᠡᠰᠡᠷ ᠬᠠᠭᠠᠨ》 ᠪᠣᠯ ᠵᠢᠮᠪᠠᠵᠠᠮᠰᠤ ᠵᠢᠨ ᠬᠠᠶᠢᠯᠠᠭᠰᠠᠨ ᠣᠯᠠᠨ ᠪᠦᠯᠦᠭ ᠲᠠᠢ᠂ ᠴᠤᠯ ᠰᠢᠯᠦᠭᠯᠡᠵᠦ ᠲᠤᠤᠯᠢᠯᠠᠭᠰᠠᠨ ᠬᠡᠯᠪᠡᠷᠢ ᠲᠠᠢ ᠠᠮᠠ ᠪᠡᠷ ᠲᠠᠷᠬᠠᠵᠤ ᠳᠡᠯᠭᠡᠷᠡᠭᠰᠡᠨ ᠬᠡᠰᠡᠷ ᠤᠨ ᠬᠠᠮᠤᠭ ᠤᠨ ᠤᠷᠲᠤ ᠲᠤᠤᠯᠢ ᠮᠦᠨ᠃ ᠬᠡᠰᠡᠷᠴᠢ ᠵᠢᠮᠪᠠᠵᠠᠮᠰᠤ ᠲᠤᠰ ᠪᠦᠲᠦᠭᠡᠯ ᠳᠡᠭᠡᠨ ᠠᠳᠠᠯᠢ ᠪᠣᠰᠤ ᠴᠠᠭ ᠦᠶ ᠡ᠂ ᠠᠳᠠᠯᠠᠢ ᠪᠣᠰᠤ ᠭᠠᠵᠠᠷ ᠣᠷᠤᠨ ᠳᠤ ᠪᠢᠴᠢᠭ᠌ ᠵᠢᠡᠷ ᠪᠣᠶᠤ ᠠᠮᠠ ᠪᠡᠷ ᠲᠠᠷᠬᠠᠨ ᠤᠯᠠᠮᠵᠢᠯᠠᠭᠰᠠᠨ《ᠭᠡᠰᠡᠷ》 ᠤᠨ ᠦᠯᠢᠭᠡᠷ ᠲᠤᠤᠯᠢ ᠵᠢᠨ ᠠᠭᠤᠯᠭ᠋ ᠠ ᠵᠢ ᠪᠦᠬᠦᠨ ᠢ ᠬᠠᠮᠤᠷᠬᠤ ᠪᠡᠷ ᠮᠡᠷᠡᠶᠢᠭᠰᠡᠨ ᠨᠢ ᠳᠤᠲᠤᠷᠬᠠᠢ᠂ ᠡᠨᠡ ᠬᠦ ᠤᠷᠲᠤ ᠲᠤᠤᠯᠢ ᠵᠢ ᠠᠶᠠᠯᠠᠭᠤᠯᠠᠨ ᠬᠠᠶᠢᠯᠠᠬᠤ ᠳᠠᠭᠠᠨ ᠮᠣᠩᠭ᠋ᠤᠯ ᠬᠡᠯᠡᠨ ᠤ ᠪᠠᠶᠠᠯᠢᠭ ᠦᠪ ᠢ ᠭᠠᠶᠢᠬᠠᠭᠤᠯᠵᠤ᠂ ᠲᠤᠤᠯᠢ ᠤᠯᠠᠮᠵᠢᠯᠠᠯ ᠤᠨ ᠣᠨᠴᠠᠯᠢᠭ ᠢ ᠲᠡᠭᠦᠯᠳᠡᠷ ᠢᠯᠡᠷᠡᠭᠦᠯᠵᠡᠢ᠃ ᠭᠡᠰᠡᠷᠴᠢ ᠡᠴᠡ ᠲᠤᠤᠯᠢ ᠵᠢᠨ ᠠᠮᠠᠨ ᠵᠠᠮᠪᠠᠷᠠᠭᠠᠴᠢᠯᠠᠯ ᠳᠤ ᠲᠤᠯᠭᠠᠭᠤᠴᠢᠯᠠᠨ ᠬᠣᠯᠪᠤᠯᠲᠠ ᠵᠢ ᠬᠠᠴᠢᠨ ᠰᠠᠶᠢᠬᠠᠨ ᠨᠠᠶᠢᠷᠠᠭᠤᠯᠤᠨ ᠬᠠᠶᠢᠯᠠᠵᠠᠢ᠃ ᠡᠨᠡ ᠬᠦ ᠲᠤᠤᠯᠢ ᠳᠤ ᠬᠣᠯᠪᠤᠯᠲᠠ ᠨᠢ ᠰᠢᠯᠦᠭ ᠤᠨ ᠮᠦᠷ ᠤᠨ ᠪᠠᠶᠢᠭᠤᠯᠤᠮᠵᠢ ᠵᠢᠨ ᠦᠨᠳᠦᠰᠦᠨ ᠠᠷᠭ᠋ ᠠ ᠪᠠᠷᠢᠯ ᠪᠣᠯᠵᠤ᠂ ᠣᠯᠠᠨ ᠬᠡᠯᠪᠡᠷᠢ ᠮᠠᠶᠢᠭ ᠲᠠᠢ ᠪᠣᠯᠤᠭᠰᠠᠨ ᠪᠠᠶᠢᠨ᠌ ᠡ᠃ ᠡᠳᠡᠭᠡᠷ ᠬᠣᠯᠪᠤᠯᠲᠠ ᠡᠴᠡ ᠪᠢᠳᠡ《ᠪᠣᠷᠬᠠᠨ ᠡᠵᠡᠨ ᠬᠡᠰᠡᠷ ᠬᠠᠭᠠᠨ》 ᠤ ᠮᠦᠷ ᠪᠠᠳᠠᠭ ᠤᠨ ᠲᠦᠭᠡᠮᠡᠯ ᠣᠨᠴᠠᠯᠢᠭ ᠢ ᠣᠯᠵᠤ ᠬᠠᠷᠠᠨ᠌ ᠠ᠃
Original Literature View Original Paper
出自 内蒙古民族大学学报(社会科学) 2007年 第4期

联系我们


内蒙古大学图书馆
呼和浩特市大学西路235号
中国·内蒙古
P: (0471) 4992561
E: huangfeilong@imu.edu.cn