| Title |
ᠮᠣᠩᠭᠤᠯᠴᠤᠳ ᠤᠷᠤᠭ ᠰᠠᠯᠬᠤ ᠵᠢ 《 ᠭᠡᠭᠡᠵᠦ ᠦᠭᠬᠦ》ᠭᠡᠵᠦ ᠨᠡᠷᠡᠯᠡᠬᠦ ᠪᠤᠯᠤᠭᠰᠠᠨ ᠤᠴᠢᠷ- ᠦᠪᠦᠷ ᠮᠣᠩᠭᠤᠯ ᠤᠨ ᠵᠡᠭᠦᠨ ᠤᠷᠤᠨ ᠤ ᠮᠣᠩᠭᠤᠯᠴᠤᠳ ᠤᠨ ᠵᠢᠱᠢᠢᠶᠡᠨ ᠳᠡᠭᠡᠷ ᠠ |
| Creator |
ᠪᠤᠤ ᠯᠦᠩ |
| Keyword |
ᠮᠣᠩᠭᠤᠯ ᠡᠮᠡᠭᠳᠡᠢᠴᠦᠳ︔ ᠨᠡᠢᠭᠡᠮ ᠤᠨ ᠪᠠᠢᠷᠢ ᠰᠠᠭᠤᠷᠢ︔《 ᠭᠡᠭᠡᠵᠦ ᠦᠭᠬᠦ》︔ ᠤᠷᠤᠭ ᠰᠠᠯᠬᠤ |
| Abstract |
ᠦᠪᠦᠷ ᠮᠣᠩᠭᠤᠯ ᠤᠨ ᠵᠡᠭᠦᠨ ᠤᠷᠤᠨ ᠤ ᠮᠣᠩᠭᠤᠯᠴᠤᠳ ᠤᠷᠤᠭ ᠰᠠᠯᠬᠤ ᠵᠢ ᠵᠠᠷᠢᠮ ᠦᠶ ᠡ ᠳ᠋ᠤ《 ᠭᠡᠭᠡᠵᠦ ᠦᠭᠬᠦ》 ᠭᠡᠵᠦ ᠬᠡᠯᠡᠳᠡᠭ᠃ ᠮᠣᠩᠭᠤᠯ ᠬᠡᠯᠡᠨ ᠤ《 ᠭᠡᠭᠡᠵᠦ ᠦᠭᠬᠦ》 ᠭᠡᠬᠦ ᠦᠭᠡᠨ ᠳ᠋ᠤ ᠣᠷᠬᠢᠬᠤ᠂ ᠲᠠᠶᠠᠭᠳᠠᠬᠤ᠂ ᠬᠠᠶᠠᠬᠤ ᠭᠡᠬᠦ ᠮᠡᠲᠦ ᠶᠢᠨ ᠤᠳᠬ ᠠ ᠠᠭᠤᠯᠤᠭᠳᠠᠳᠠᠭ᠃ ᠭᠡᠷ ᠪᠦᠯᠢ ᠶᠢᠨ ᠲᠤᠳᠤᠷ ᠠ ᠡᠷ ᠠ ᠨᠦᠬᠦᠷ ᠨᠢ ᠡᠬᠡᠨᠡᠷ ᠢᠢᠡᠨ ᠣᠷᠬᠢᠵᠤ ᠬᠠᠶᠠᠭᠤ ᠵᠢ 《 ᠭᠡᠭᠡᠵᠦ ᠦᠭᠭᠦ》 ᠭᠡᠳᠡᠭ᠃ᠡᠢᠮᠦ ᠡᠴᠡ ᠡᠨᠡ ᠬᠦ 《 ᠭᠡᠭᠡᠬᠦ ᠦᠭᠬᠦ》 ᠭᠡᠬᠦ ᠦᠭᠡᠨ ᠳ᠋ᠤ ᠡᠷᠡᠭᠲᠡᠢ ᠡᠮᠡᠭᠲᠡᠢ ᠬᠤᠶᠠᠭᠤᠯᠠ ᠡᠷᠭᠡ ᠲᠡᠭᠰᠢ ᠪᠡᠷ ᠰᠠᠢᠨ ᠲᠤᠷ ᠠ ᠡᠴᠡ ᠪᠠᠨ ᠤᠷᠤᠭ ᠰᠠᠯᠠᠭᠰᠠᠨ ᠤᠳᠬ ᠠ ᠠᠭᠤᠯᠤᠭᠳᠠᠬᠤ ᠦᠭᠡᠢ᠂ ᠬᠠᠷᠢᠨ ᠡᠷᠡᠭᠲᠡᠢ ᠨᠢ ᠡᠮᠡᠭᠲᠡᠢ ᠪᠠᠨ ᠣᠷᠬᠢᠵᠦ ᠬᠠᠶᠠᠭᠰᠠᠨ ᠭᠡᠬᠦ ᠤᠳᠬ ᠠ ᠠᠭᠤᠯᠤᠭᠳᠠᠵᠤ ᠪᠠᠢᠭ᠎ᠠ ᠨᠢ ᠢᠯᠡᠷᠭᠡᠢ᠃ ᠡᠭᠦᠨ ᠡᠴᠡ ᠦᠪᠦᠷ ᠮᠣᠩᠭᠤᠯ ᠤᠨ ᠵᠡᠬᠦᠨ ᠤᠷᠤᠨ ᠤ ᠮᠣᠩᠭᠤᠯᠴᠤᠳ ᠤᠨ ᠡᠷᠡᠭᠲᠡᠢ ᠡᠮᠡᠭᠲᠡᠢ ᠶᠢᠨ ᠪᠠᠢᠷᠢ ᠰᠠᠭᠤᠷᠢ ᠶᠢᠨ ᠡᠷᠬᠡ ᠲᠡᠭᠰᠢ ᠦᠭᠡᠢ ᠪᠠᠢᠭᠰᠠᠨ ᠪᠠᠢᠳᠠᠯ ᠢ ᠣᠯᠵᠤ ᠬᠠᠷᠠᠨ᠎ᠠ᠃ ᠦᠭᠦᠯᠡᠯ ᠳ᠋ᠤ ᠦᠪᠦᠷ ᠮᠣᠩᠭᠤᠯ ᠤᠨ ᠵᠡᠭᠦᠨ ᠤᠷᠤᠨ ᠳ᠋ᠤ《 ᠭᠡᠭᠡᠵᠦ ᠦᠭᠬᠦ》 ᠭᠡᠬᠦ ᠦᠭᠡ ᠵᠢ ᠬᠡᠷᠭᠡᠯᠡᠬᠦ ᠪᠤᠯᠤᠭᠰᠠᠨ ᠦᠵᠡᠭᠳᠡᠯ ᠢ ᠲᠡᠦᠬᠡ ᠰᠣᠶᠤᠯ ᠪᠠ ᠵᠠᠩ ᠦᠢᠯᠡ ᠶᠢᠨ ᠬᠠᠷᠭᠠᠰᠤ ᠡᠴᠡ ᠰᠢᠨᠵᠢᠯᠡᠬᠦ ᠵᠢ ᠬᠢᠴᠢᠶᠡᠪᠡ᠃ |
| Original Literature |
View Original Paper
|
| 出自 |
内蒙古大学学报
2025年
第5期
|