| Abstract |
ᠣᠷᠤᠰ ᠬᠡᠯᠡᠨ ᠤ 《ura!》 ᠭᠡᠬᠦ ᠦᠭᠡ ᠶᠢᠨ ᠭᠠᠷᠤᠯ ᠤᠨ ᠲᠤᠬᠠᠢ ᠣᠯᠠᠨ ᠵᠦᠢᠯ ᠤᠨ ᠦᠵᠡᠯᠲ ᠡᠪᠠᠢᠳᠠᠭ᠃ ᠲᠤᠰ ᠦᠭᠡ ᠨᠢ ᠣᠷᠤᠰ ᠬᠡᠯᠡᠨ ᠤ ᠤᠤᠭᠠᠯ ᠦᠭᠡ ᠪᠢᠰᠢ᠂ ᠵᠢᠭᠡᠯᠡᠯᠭᠡ ᠦᠭᠡ ᠪᠤᠯᠬᠤ ᠵᠢ ᠨᠡᠢᠲᠡ ᠪᠡᠷ ᠵᠦᠪᠰᠢᠶᠡᠷᠡᠳᠡᠭ᠌ ᠪᠦᠭᠡᠳ ᠮᠣᠩᠭᠤᠯ ᠬᠡᠯᠡᠨ ᠡᠴᠡ ᠢᠷᠡᠯᠲᠡ ᠲᠠᠢ ᠭᠡᠳᠡᠭ ᠦᠵᠡᠯᠲᠡ ᠴᠦ ᠪᠠᠢᠳᠠᠭ᠃ ᠦᠭᠦᠯᠡᠯ ᠳ᠋ᠤ《 ᠮᠣᠩᠭᠤᠯ ᠤᠨ ᠨᠢᠭᠤᠴᠠ ᠲᠣᠪᠴᠢᠶᠠᠨ》 ᠪᠠ 《 ᠠᠯᠲᠠᠨ ᠲᠣᠪᠴᠢ》 ᠶᠢᠨ ᠲᠡᠮᠳᠡᠭᠯᠡᠯ ᠳ᠋ᠤ ᠦᠨᠳᠦᠰᠦᠯᠡᠨ《ura!》 ᠨᠢ ᠮᠣᠩᠭᠤᠯ ᠬᠡᠯᠡᠨ ᠤ 《 ᠤᠷᠢᠳ ᠬᠣᠵᠢᠳ ᠦᠭᠡᠢ ᠵᠡᠷᠭᠡ ᠪᠡᠸᠷ ᠳᠠᠭᠤᠨ ᠨᠢᠭᠡᠲᠡᠢ᠂ ᠪᠠᠷ ᠪᠠᠷ ᠭᠡᠰᠡᠨ ᠶᠡᠬᠡ ᠳᠠᠭᠤ ᠪᠡᠷ ᠰᠦᠷ ᠦᠵᠡᠬᠦᠯᠵᠦ᠂ ᠬᠦᠴᠦ ᠡᠷᠴᠢᠯᠡᠵᠦ᠂ ᠵᠤᠷᠢᠭ ᠪᠠᠳᠠᠷᠠᠭᠠᠬᠤ ᠦᠢᠯᠡᠳᠦᠯ ᠲᠠᠢ ᠬᠠᠰᠬᠢᠷᠳᠡᠭ ᠲᠠᠢᠨ ᠤ ᠶᠠᠪᠤᠴᠠ ᠶᠢᠨ ᠨᠢᠭᠡ ᠠᠭᠤᠯᠭ᠎ᠠ ᠵᠢ ᠵᠢᠭᠰᠠᠭᠠᠭᠰᠠᠨ ᠭᠡᠷ ᠠ ᠦᠭᠡ》 ᠪᠠᠢᠭᠰᠠᠨ 《 ᠤᠷᠢᠶ ᠠ》ᠭᠡᠬᠦ ᠦᠭᠡ ᠡᠴᠡ ᠢᠷᠡᠯᠲᠡ ᠲᠠᠢ ᠭᠡᠳᠡᠭ ᠦᠵᠡᠯᠲᠡ ᠵᠢ ᠳᠡᠪᠰᠢᠭᠦᠯᠦᠭᠰᠡᠨ ᠪᠠᠢᠨ᠎ᠠ᠃ |