| Abstract |
ᠦᠭᠦᠯᠡᠯ ᠳ᠋ᠤ ᠵᠡᠭᠦᠨ ᠶᠤᠭᠤᠷ ᠬᠡᠯᠡᠨ ᠤ20ᠳ᠋ᠤᠭᠠᠷ ᠵᠠᠭᠤᠨ ᠤ50ᠭᠠᠳ ᠣᠨ ᠤ ᠪᠠᠢᠴᠠᠭᠠᠯᠲᠠ ᠪᠤᠯᠬᠤ ᠵᠠᠭᠤᠨᠨᠠᠰᠤᠲᠤ ᠶᠢᠨ《 ᠵᠡᠭᠦᠨ ᠶᠤᠭᠤᠷ ᠬᠡᠯᠡᠨ ᠤ ᠲᠤᠪᠴᠢ ᠲᠡᠮᠳᠡᠭᠯᠡᠯ 》ᠨᠣᠮ ᠤᠨ ᠳᠠᠭᠠᠯᠳᠤᠭᠤᠯᠤᠯ ᠤᠨ ᠬᠡᠰᠡᠭ ᠲᠡᠬᠢ ᠦᠭᠡᠰ ᠤᠨ ᠵᠢᠭᠰᠠᠭᠠᠯᠲᠠ ᠶᠢᠨ ᠮᠠᠲ᠋ᠸᠷᠢᠶᠠᠯ ᠢ ᠰᠤᠩᠭᠤᠵᠤ᠂ ᠦᠭᠡ ᠶᠢᠨ ᠰᠠᠩ ᠤᠨ ᠴᠤᠪᠤᠭ᠎ᠠ ᠴᠠᠭ ᠤᠨ ᠬᠤᠪᠢᠷᠠᠯᠲᠠ ᠵᠢ ᠰᠢᠨᠵᠢᠯᠡᠬᠦ ᠤᠨᠤᠯ ᠪᠠ ᠠᠷᠭ᠎ᠠ ᠪᠡᠷ2018ᠣᠨ ᠳ᠋ᠤ ᠰᠦᠨᠡᠨ ᠰᠢᠶᠠᠨ ᠤ ᠠᠳᠠᠯᠢ ᠪᠤᠰᠤ ᠭᠠᠵᠠᠷ ᠣᠷᠤᠨ ᠤ ᠠᠳᠠᠯᠢ ᠪᠤᠰᠤ ᠨᠠᠰᠤᠨ ᠤ ᠬᠤᠶᠠᠷ ᠠᠪᠢᠶᠠᠯᠠᠭᠴᠢ ᠪᠡᠷ ᠲᠦᠯᠦᠭᠡᠯᠡᠯ ᠪᠤᠯᠭᠠᠨ ᠳᠠᠬᠢᠨ ᠪᠠᠢᠴᠠᠭᠠᠭᠰᠠᠨ ᠮᠠᠲ᠋ᠸᠷᠢᠶᠡᠯ ᠲᠠᠢ ᠬᠠᠷᠢᠴᠠᠭᠤᠯᠵᠤ ᠰᠣᠳᠤᠯᠤᠭᠠᠳ ᠵᠡᠭᠦᠨ ᠶᠤᠭᠤᠷ ᠬᠡᠯᠡᠨ ᠤ ᠦᠭᠡ ᠶᠢᠨ ᠰᠠᠩ ᠤᠨ ᠵᠢᠷᠠᠭᠠᠳ ᠵᠢᠯ ᠤᠨ ᠬᠣᠪᠢᠷᠠᠯᠲᠠ ᠵᠢ ᠬᠠᠷᠠᠭᠤᠯᠵᠠᠢ᠃ |