| Abstract |
ᠠᠷᠳᠠᠢ ᠶᠢᠨ ᠰᠢᠯᠦᠭ ᠪᠦᠲᠦᠭᠡᠯᠭᠡ ᠨᠢ ᠮᠣᠩᠭᠤᠯ ᠰᠢᠯᠦᠭ ᠤᠨ ᠬᠦᠷᠢᠶᠡᠨ ᠳ᠋ᠤ ᠪᠠᠭᠲᠠᠭᠠᠮᠵᠢᠲᠤ ᠰᠢᠯᠦᠭ ᠤᠨ ᠤᠢᠯᠠᠭᠠᠭᠳᠠᠬᠤᠨ ᠢ ᠪᠤᠢ ᠪᠣᠯᠭᠠᠭᠰᠠᠨ ᠢᠢᠡᠷ ᠪᠠᠷᠠᠬᠤ ᠦᠭᠡᠢ᠂ ᠪᠠᠭᠲᠠᠭᠠᠮᠵᠢᠲᠤ ᠰᠢᠯᠦᠭ ᠲᠡᠭᠡᠨ ᠲᠤᠬᠢᠷᠠᠭᠰᠠᠨ ᠰᠠᠨᠠᠭ᠎ᠠ ᠲᠦᠷᠢᠮᠵᠢᠭᠦᠯᠦᠭᠰᠡᠨ ᠤᠤᠶᠠᠩᠭᠠᠯᠠᠯ᠂ ᠮᠠᠷᠭᠤᠯ ᠰᠡᠴᠡᠯᠡᠯ᠂ ᠬᠡᠪ ᠰᠢᠨᠵᠢᠭᠦᠯᠦᠯᠲᠡ᠂ ᠵᠦᠴᠦᠭᠡᠯᠢᠭ ᠰᠢᠢᠳᠪᠦᠷᠢᠯᠡᠯᠲᠡ ᠵᠡᠷᠭᠡ ᠠᠷᠭ᠎ᠠ ᠪᠠᠷᠢᠯ ᠤᠨ ᠲᠤᠭᠲᠠᠯᠴᠠᠭ᠎ᠠ ᠵᠢ ᠪᠦᠷᠢᠯᠳᠦᠬᠦᠯᠵᠦ᠂ ᠠᠭᠤᠴᠢ ᠬᠦᠨ᠂ ᠠᠭᠤᠳᠠᠮ ᠪᠤᠲᠤᠯᠢᠶᠠᠨᠳᠤ᠂ ᠢᠷᠮᠡᠬᠦᠨ ᠬᠦᠴᠦᠲᠦ ᠰᠢᠨᠵᠢ ᠪᠦᠬᠦᠢ ᠠᠭᠤᠴᠢ ᠤᠶᠠᠩᠭᠠᠯᠠᠯ ᠤᠨ ᠬᠡᠪ ᠨᠠᠮᠪᠠ ᠪᠠᠨ ᠴᠣᠭᠴᠠᠯᠠᠭᠰᠠᠨ ᠪᠠᠢᠪᠠ᠃ ᠡᠳᠡᠭᠡᠷ ᠨᠢ ᠰᠢᠯᠦᠭ ᠪᠦᠲᠦᠭᠡᠯᠭᠡ ᠶᠢᠨ ᠤᠷᠤᠨ ᠵᠠᠢ ᠵᠢ ᠲᠡᠯᠡᠵᠦ᠂ ᠰᠢᠯᠦᠭ ᠤᠨ ᠤᠢᠯᠠᠭᠠᠭᠳᠠᠬᠤᠨ ᠪᠠ ᠠᠷᠭ᠎ᠠ ᠪᠠᠷᠢᠯ ᠤᠨ ᠲᠤᠭᠲᠠᠯᠴᠠᠭ᠎ᠠ ᠵᠢ ᠪᠠᠶᠠᠯᠢᠭᠵᠢᠭᠤᠯᠤᠨ᠂ ᠮᠣᠩᠭᠤᠯ ᠰᠢᠯᠦᠭ ᠤᠨ ᠠᠬᠤᠢ ᠳ᠋ᠤ ᠣᠷᠤᠯᠴᠠᠬᠤ ᠴᠢᠳᠠᠮᠵᠢ ᠵᠢ ᠳᠡᠭᠡᠭᠰᠢᠯᠡᠬᠦᠯᠦᠭᠰᠡᠨ ᠦᠢᠯᠡᠳᠦᠯᠭᠡ ᠶᠤᠮ᠃ |