| Abstract |
ᠦᠭᠦᠯᠡᠯ ᠳ᠋ᠤ 《 ᠬᠢᠲᠠᠳ ᠠᠩᠯᠢ ᠮᠣᠩᠭᠤᠯ ᠨᠣᠮ ᠤᠨ ᠰᠠᠩ ᠤᠨ ᠤᠬᠠᠭᠠᠨ ᠤ ᠨᠡᠷ ᠠ ᠲᠤᠮᠢᠶ ᠠ ᠶᠢᠨ ᠬᠠᠢᠷᠴᠠᠭᠤᠯᠤᠭᠰᠠᠨ ᠲᠤᠯᠢ》 ᠳ᠋ᠡᠬᠢ ᠮᠣᠩᠭᠤᠯ ᠢᠢᠡᠷ ᠣᠷᠴᠢᠭᠤᠯᠤᠭᠰᠠᠨ ᠨᠣᠮ ᠤᠨ ᠰᠠᠩ ᠤᠨ ᠤᠬᠠᠭᠠᠨ ᠤ ᠨᠡᠷ ᠠ ᠲᠤᠮᠢᠶ ᠠ ᠵᠢ ᠲᠤᠯᠤᠭᠠᠨ ᠲᠦᠷᠦᠯ ᠵᠦᠢᠯ ᠳ᠋ᠤ ᠬᠤᠪᠢᠶᠠᠵᠤ᠂ ᠪᠦᠲᠦᠴᠡ ᠪᠦᠷᠢᠯᠳᠦᠬᠦᠨ ᠢ ᠨᠢ ᠦᠭᠡ ᠶᠢᠨ ᠲᠤᠭ᠎ᠠ ᠪᠡᠷ ᠨᠢ ᠠᠩᠬᠢᠯᠠᠵᠤ᠂ ᠲᠤᠭ᠎ᠠ ᠪᠦᠷᠢᠳᠭᠡᠯ ᠲᠠᠢ ᠲᠤᠳᠤᠷᠬᠠᠢᠯᠠᠭᠰᠠᠨ ᠤ ᠬᠠᠮᠲᠤ ᠮᠣᠩᠭᠤᠯ ᠨᠣᠮ ᠤᠨ ᠰᠠᠩ ᠤᠨ ᠤᠬᠠᠭᠠᠨ ᠤ ᠨᠡᠷ ᠠ ᠲᠤᠮᠢᠶᠠᠨ ᠤ ᠣᠷᠴᠢᠭᠤᠯᠭ᠎ᠠ ᠳ᠋ᠤ ᠨᠢᠭᠡᠲᠦᠯ ᠦᠭᠡᠢ᠂ ᠤᠨᠤᠪᠴᠢ ᠮᠠᠭᠤᠲᠠᠢ᠂ ᠤᠷᠲᠤ ᠰᠤᠨᠵᠢᠭᠤᠨ᠂ ᠬᠦᠰᠢᠭᠦᠨ ᠨᠤᠷᠰᠢᠭᠤᠨ᠂ ᠪᠣᠰᠤᠳ ᠬᠡᠯᠡᠨ ᠤ ᠰᠡᠳᠬᠢᠬᠦᠢ ᠳ᠋ᠤ ᠲᠡᠩᠳᠡᠬᠦᠦ ᠪᠠᠷᠢᠭᠲᠠᠨ ᠣᠷᠴᠢᠭᠤᠯᠵᠤ ᠪᠠᠢᠬᠤ ᠵᠡᠷᠭᠡ ᠪᠤᠳᠠᠳᠠᠢ ᠠᠰᠠᠭᠤᠳᠠᠯ ᠤᠷᠤᠰᠢᠵᠤ ᠪᠠᠢᠬᠤ ᠪᠠ ᠲᠡᠭᠦᠨ ᠤ ᠰᠢᠢᠳᠪᠦᠷᠢᠯᠡᠬᠦ ᠳ᠋ᠤ《 ᠠᠭᠤᠳᠠᠯᠠᠬᠤ᠂ ᠵᠤᠬᠢᠶᠠᠬᠤ᠂ ᠵᠢᠭᠡᠯᠡᠬᠦ》 ᠭᠤᠷᠪᠠᠨ ᠠᠷᠭ᠎ᠠ ᠪᠠᠷᠢᠯ ᠢ ᠤᠶᠠᠯᠳᠤᠭᠤᠯᠬᠤ ᠬᠡᠷᠡᠭᠲᠡᠢ ᠭᠡᠵᠦ ᠦᠵᠡᠪᠡ᠃ |