| Abstract |
ᠲᠤᠰ ᠦᠭᠦᠯᠡᠯ ᠳ᠋ᠤ ᠪ᠂ ᠶ᠂ᠸᠯᠯᠠᠳᠢᠮᠢᠷᠼᠤᠸ ᠤᠨ20ᠳ᠋ᠤᠭᠠᠷ ᠵᠠᠭᠤᠨ ᠤ ᠡᠬᠢᠨ ᠦᠶ ᠡ ᠳ᠋ᠤ ᠦᠨᠦ ᠶᠢᠨ ᠮᠣᠩᠭᠤᠯ ᠤᠯᠤᠰ ᠤᠨ ᠤᠪᠰᠤ ᠠᠢᠮᠠᠭ ᠤᠨ ᠪᠠᠶᠠᠳ ᠶᠠᠰᠤᠲᠠᠨ ᠤ ᠲᠤᠮᠳᠠ ᠡᠴᠡ ᠰᠣᠷᠪᠤᠯᠵᠢᠯᠠᠨ ᠲᠡᠮᠳᠡᠭᠯᠡᠵᠦ《 ᠮᠣᠩᠭᠤᠯ ᠠᠷᠠᠳ ᠤᠨ ᠠᠮᠠᠨ ᠪᠦᠲᠦᠭᠡᠯ ᠤᠨ ᠲᠡᠭᠡᠵᠢ》 ᠬᠡᠮᠡᠬᠦ ᠨᠣᠮ ᠳ᠋ᠠᠭᠠᠨ ᠬᠡᠪᠯᠡᠭᠦᠯᠦᠭᠰᠡᠨ《 ᠵᠠᠩᠭᠠᠷ》 ᠤᠨ ᠨᠢᠭᠡᠨ ᠪᠦᠯᠦᠭ ᠤᠨ ᠲᠤᠬᠠᠢ ᠲᠸᠺᠰᠲ ᠵᠢᠴᠢ ᠲᠡᠭᠦᠨ ᠤ ᠪᠡᠷ ᠬᠡᠪᠯᠡᠯ ᠤᠨ ᠠᠰᠠᠭᠤᠳᠠᠯ᠂ ᠲᠸᠺᠰᠲ ᠤᠨ ᠢᠷᠡᠯ ᠭᠠᠷᠤᠯ ᠤᠨ ᠠᠰᠠᠭᠤᠳᠠᠯ᠂ ᠲᠸᠺᠰᠲ ᠤᠨ ᠠᠭᠤᠯᠭ᠎ᠠ ᠶᠢᠨ ᠠᠰᠠᠭᠤᠳᠠᠯ ᠭᠡᠬᠦ ᠭᠤᠷᠪᠠᠨ ᠲᠠᠯ ᠠ ᠡᠴᠡ ᠰᠢᠨᠵᠢᠯᠡᠬᠦ ᠪᠡᠷ ᠳᠠᠮᠵᠢᠭᠤᠯᠵᠤ᠂ ᠤᠤᠯ《 ᠵᠠᠩᠭᠠᠷ》 ᠢ ᠴᠤᠭᠯᠠᠭᠤᠯᠤᠭᠰᠠᠨ ᠣᠨ ᠴᠠᠭ ᠤᠨ ᠲᠤᠬᠠᠢ ᠦᠨᠭᠡᠷᠡᠭᠰᠡᠨ ᠤ ᠡᠷᠳᠡᠮᠲᠡᠳ ᠤᠨ ᠪᠤᠷᠤᠭᠤ ᠡᠨᠳᠡᠭᠦᠦ ᠲᠡᠮᠳᠡᠭᠯᠡᠯ ᠢ20ᠳ᠋ᠤᠭᠠᠷ ᠵᠠᠭᠤᠨ ᠤ ᠡᠬᠢᠨ ᠤ ᠦᠶ ᠡ ᠶᠢᠨ ᠪᠤᠳᠠᠳᠠᠢ ᠮᠠᠲ᠋ᠸᠷᠢᠶᠠᠯ ᠳ᠋ᠤ ᠦᠨᠳᠦᠰᠦᠯᠡᠨ ᠵᠠᠯᠠᠷᠠᠭᠤᠯᠬᠤ ᠶᠢᠨ ᠬᠠᠮᠲᠤ ᠤᠭ ᠲᠸᠺᠰᠲ ᠢ ᠲᠡᠮᠳᠡᠭᠯᠡᠭᠰᠡᠨ ᠭᠠᠵᠠᠷ ᠤᠷᠤᠨ ᠢ ᠰᠢᠨ᠎ᠠ ᠪᠡᠷ ᠢᠯᠡᠷᠡᠬᠦᠯᠪᠡ᠃ ᠪᠠᠰᠠ ᠲᠭᠦᠨ ᠳ᠋ᠤ ᠬᠣᠯᠪᠤᠭᠳᠠᠬᠤ ᠪᠣᠰᠤᠳ ᠰᠤᠷᠠᠭ ᠵᠠᠩᠬᠢ᠂ ᠬᠢᠷᠢᠯ ᠮᠣᠩᠭᠤᠯ ᠦᠰᠦᠭ ᠤᠨ ᠪᠠᠭᠤᠯᠭᠠᠯᠲᠠ ᠵᠡᠷᠭᠡ ᠳ᠋ᠤ ᠤᠷᠤᠰᠢᠭᠰᠠᠭᠠᠷ ᠢᠷᠡᠭᠰᠡᠨ ᠠᠰᠠᠭᠤᠳᠠᠯ ᠤᠨ ᠲᠤᠬᠠᠢ ᠦᠪᠡᠷ ᠤᠨ ᠦᠵᠡᠯᠲᠡ ᠪᠠᠨ ᠦᠭᠦᠯᠡᠪᠡ᠃ |