| Abstract |
《ᠭᠡᠰᠡᠷ ᠤᠨ ᠲᠤᠭᠤᠵᠢ ᠶᠢᠨ ᠰᠣᠳᠤᠯᠤᠯ》 ᠪᠤᠯ ᠣᠯᠠᠨ ᠲᠠᠯ ᠠ ᠪᠦᠬᠦᠯᠢ ᠴᠣᠭᠴᠠ ᠡᠴᠡ 《 ᠭᠡᠰᠡᠷ ᠤᠨ ᠲᠤᠭᠤᠵᠢ》 ᠵᠢ ᠶᠡᠷᠦᠩᠬᠡᠢᠢᠯᠡᠨ ᠰᠣᠳᠤᠯᠵᠤ᠂ ᠰᠢᠷᠬᠡᠭᠴᠢᠯᠡᠨ ᠰᠣᠳᠤᠯᠤᠭᠰᠠᠨ ᠰᠣᠳᠤᠨ ᠪᠦᠲᠦᠭᠡᠯ ᠪᠤᠯᠬᠤ ᠪᠦᠭᠡᠳ ᠲᠡᠭᠦᠨ ᠤ ᠲᠦᠯᠦᠭᠡᠯᠡᠬᠦ ᠴᠢᠨᠠᠷᠲᠠᠢ ᠪᠦᠲᠦᠭᠡᠯ ᠮᠦᠨ᠃《 ᠭᠡᠰᠡᠷ ᠤᠨ ᠲᠤᠭᠤᠵᠢ》 ᠶᠢᠨ ᠰᠣᠳᠤᠯᠤᠯ ᠳ᠋ᠤ ᠰᠣᠳᠤᠯᠭᠠᠨ ᠤ ᠪᠠᠢᠳᠠᠯ ᠢ ᠪᠦᠷᠢᠨ ᠲᠤᠭᠠᠴᠢᠵᠦ᠂ ᠪᠠᠡ ᠬᠡᠪᠯᠡᠯ ᠢ ᠰᠢᠯᠭᠠᠨ ᠮᠠᠭᠠᠳᠯᠠᠵᠤ᠂ ᠣᠨᠴᠠᠭᠠᠢ ᠳᠦᠷᠢ ᠵᠢ ᠰᠤᠩᠭᠤᠨ ᠰᠢᠵᠢᠯᠡᠵᠦ᠂ ᠦᠪᠡᠷᠮᠢᠴᠡ ᠦᠵᠡᠯᠲᠡ ᠪᠠᠨ ᠳᠤᠷᠠᠳᠤᠭᠰᠠᠨ ᠪᠦᠭᠡᠳ 《 ᠭᠡᠰᠡᠷ ᠤᠨ ᠲᠤᠭᠤᠵᠢ》 ᠶᠢᠨ ᠡᠭᠦᠰᠦᠯ ᠰᠣᠷᠪᠤᠯᠵᠢ᠂ ᠬᠡᠯᠡᠨ ᠤ ᠣᠨᠴᠠᠯᠢᠭ᠂ ᠦᠢᠯᠡ ᠶᠠᠪᠤᠳᠠᠯ᠂ ᠠᠭᠤᠯᠭ᠎ᠠ᠂ ᠦᠵᠡᠯ ᠰᠠᠨᠠᠭ᠎ᠠ ᠶᠢᠨ ᠴᠢᠭᠯᠡᠯ ᠵᠡᠷᠭᠡ ᠦᠷᠭᠡᠨ ᠬᠦᠷᠢᠶ ᠡ ᠳ᠋ᠤ ᠪᠦᠬᠦᠯᠢ ᠴᠣᠭᠴᠠᠲᠤ ᠰᠣᠳᠤᠯᠤᠯ ᠬᠢᠵᠦ ᠦᠨᠳᠦᠷ ᠠᠮᠵᠢᠯᠲᠠ ᠣᠯᠪᠠ᠃ |