| Abstract |
ᠣᠷᠴᠢᠭᠤᠯᠭ᠎ᠠ ᠶᠢᠨ ᠲᠦᠷᠦᠯ ᠤᠨ ᠡᠬᠡ ᠪᠢᠴᠢᠭ ᠢ ᠨᠠᠢᠷᠠᠭᠤᠯᠤᠨ ᠬᠢᠨᠠᠬᠤ ᠳ᠋ᠤ ᠪᠤᠰᠤᠳ ᠡᠬᠡ ᠪᠢᠴᠢᠭ ᠡᠴᠡ ᠢᠯᠠᠭᠠᠭᠳᠠᠬᠤ ᠦᠪᠡᠷᠮᠢᠴᠡ ᠣᠨᠴᠠᠯᠢᠭ ᠢ ᠦᠨᠳᠦᠰᠦᠯᠡᠬᠦ ᠬᠡᠷᠡᠭᠲᠡᠢ᠃ ᠣᠷᠴᠢᠭᠤᠯᠭ᠎ᠠ ᠶᠢᠨ ᠡᠬᠡ ᠪᠢᠴᠢᠭ ᠢ ᠡᠷᠬᠡᠪᠰᠢ ᠤᠭ ᠵᠤᠬᠢᠶᠠᠯ ᠲᠠᠢ ᠨᠢ ᠲᠤᠯᠭᠠᠨ ᠬᠠᠷᠠᠭᠤᠭᠤᠯᠵᠤ ᠬᠢᠨᠠᠨ ᠨᠠᠢᠷᠠᠭᠤᠯᠬᠤ ᠪᠠ ᠪᠦᠬᠦ ᠵᠤᠬᠢᠶᠠᠯ ᠢ ᠲᠤᠭᠤᠯᠤᠨ ᠣᠩᠰᠢᠵᠤ᠂ ᠬᠢᠨᠠᠬᠤ ᠠᠯᠬᠤᠮ ᠳᠠᠷᠠᠭ᠎ᠠ ᠪᠡᠷ ᠣᠷᠴᠢᠭᠤᠯᠭ᠎ᠠ ᠶᠢᠨ ᠡᠬᠡ ᠪᠢᠴᠢᠭ ᠲᠡᠬᠢ ᠬᠡᠯᠡ ᠬᠡᠯᠡᠯᠭᠡ ᠬᠡᠷᠡᠭᠯᠡᠬᠦ᠂ ᠠᠭᠤᠯᠭ᠎ᠠ ᠪᠠᠨ ᠵᠦᠪ ᠢᠯᠡᠳᠭᠡᠬᠦ᠂ ᠨᠡᠷ ᠠ ᠲᠤᠮᠢᠶ ᠠ ᠵᠢ ᠨᠢᠭᠡᠳᠭᠡᠬᠦ᠂ ᠵᠢᠷᠤᠭ ᠬᠦᠰᠦᠨᠦᠭ᠂ ᠳ᠋ᠤᠭᠠᠷ ᠲᠡᠮᠳᠡᠭ᠂ ᠨᠢᠭᠡᠴᠢ ᠪᠠᠷᠢᠮᠵᠢᠶ ᠠ ᠵᠢ ᠪᠦᠷᠢᠨ ᠵᠦᠪ ᠣᠷᠴᠢᠭᠤᠯᠤᠨ ᠪᠠᠭᠤᠯᠭᠠᠬᠤ ᠵᠡᠷᠭᠹᠡ ᠠᠰᠠᠭᠤᠳᠠᠯ ᠢ ᠨᠠᠢᠷᠠᠭᠤᠯᠤᠭᠴᠢ ᠪᠤᠯᠤᠭᠰᠠᠳ ᠬᠢᠨᠠᠮᠠᠭᠠᠢ ᠨᠠᠢᠷᠠᠭᠤᠯᠤᠨ ᠬᠢᠨᠠᠵᠦ᠂ ᠡᠴᠦᠰ ᠲᠤ ᠵᠢᠩᠬᠢᠨᠢ ᠬᠡᠪᠯᠡᠭᠳᠡᠬᠦᠨ ᠪᠤᠯᠭᠠᠨ᠎ᠠ᠃ |