Paper Information


Title 《 ᠮᠣᠩᠭᠤᠯ ᠤᠨ ᠨᠢᠭᠤᠴᠠ ᠲᠣᠪᠴᠢᠶᠠᠨ》 ᠳ᠋ᠤ ᠬᠢ ᠪᠠᠭᠠᠲᠤᠷ ᠢ ᠰᠢᠲᠦᠬᠦ ᠰᠡᠳᠬᠢᠬᠦᠢ ᠵᠢ ᠳᠦᠬᠦᠮ ᠦᠬᠦᠯᠡᠬᠦ ᠨᠢ
Creator ᠰᠡᠴᠡᠩᠭᠡᠷᠡᠯ
Keyword ᠪᠠᠭᠠᠲᠤᠷ ᠢ ᠰᠢᠲᠦᠬᠦ︔ ᠰᠡᠳᠬᠢᠬᠦᠢ︔ ᠮᠣᠩᠭᠤᠯ ᠤᠨ ᠨᠢᠭᠤᠴᠠ ᠲᠣᠪᠴᠢᠶᠠᠨ
Abstract 《 ᠮᠣᠩᠭᠤᠯ ᠤᠨ ᠨᠢᠭᠤᠴᠠ ᠲᠣᠪᠴᠢᠶᠠᠨ》 ᠨᠢ ᠲᠡᠯᠡᠬᠡᠢ ᠳ᠋ᠤ ᠲᠡᠦᠬᠡᠨ ᠤᠷᠠᠨ ᠵᠤᠬᠢᠶᠠᠯ ᠭᠡᠵᠦ ᠮᠡᠲᠷᠡᠭᠳᠡᠭᠰᠡᠨ ᠤ ᠬᠤᠪᠢ ᠳ᠋ᠤ13ᠳ᠋ᠤᠭᠠᠷ ᠵᠠᠭᠤᠨ ᠤ ᠮᠣᠩᠭᠤᠯᠴᠤᠳ ᠤᠨ ᠨᠡᠢᠭᠡᠮ ᠠᠮᠢᠳᠤᠷᠠᠯ᠂ ᠰᠡᠳᠬᠢᠬᠦᠢ ᠶᠢᠨ ᠬᠡᠯᠪᠡᠷᠢ᠂ ᠱᠠᠰᠢᠨ ᠰᠢᠲᠦᠯᠭᠡ ᠶᠢᠨ ᠲᠤᠬᠠᠢ ᠨᠠᠷᠢᠯᠢᠭ ᠲᠤᠳᠤ ᠢᠯᠡᠳᠭᠡᠵᠡᠢ᠃ ᠡᠭᠦᠨ ᠤ ᠳᠤᠳᠤᠷ ᠠ ᠡᠴᠡ ᠮᠣᠩᠭᠤᠯᠴᠤᠳ ᠤᠨ ᠰᠡᠳᠬᠢᠬᠦᠢ ᠶᠢᠨ ᠬᠡᠯᠪᠡᠷᠢ ᠶᠢᠨ ᠨᠢᠭᠡ ᠵᠦᠢᠯ ᠪᠤᠯᠬᠤ ᠪᠠᠭᠠᠲᠤᠷ ᠢ ᠰᠢᠲᠦᠬᠦ ᠰᠡᠳᠬᠢᠬᠦᠢ ᠵᠢ ᠰᠤᠩᠭᠤᠨ ᠰᠣᠳᠤᠯᠤᠯ᠂ ᠲᠡᠷᠡ ᠨᠢ ᠡᠷᠲᠡᠨ ᠤ ᠮᠣᠩᠭᠤᠯᠴᠤᠳ ᠤᠨ ᠳᠤᠮᠲᠠ ᠬᠤᠪᠢ ᠬᠦᠮᠦᠨ ᠳᠠᠭᠤᠳᠠᠬᠤ ᠨᠡᠷ ᠠ ᠡᠴᠡ ᠡᠬᠢᠯᠡᠨ ᠨᠡᠢᠭᠡᠮ ᠨᠡᠢᠲᠡ ᠶᠢᠨ ᠵᠠᠩ ᠵᠠᠩᠰᠢᠯ ᠳ᠋ᠤ ᠬᠦᠷᠲᠡᠯ ᠠ ᠢᠯᠡᠷᠡᠵᠦ᠂ ᠲᠤᠬᠠᠢ ᠶᠢᠨ ᠴᠠᠭ ᠦᠶ ᠡ ᠶᠢᠨ ᠣᠨᠴᠠᠯᠢᠭ ᠢ ᠠᠳᠬᠤᠵᠤ ᠪᠦᠷᠢᠯᠳᠦᠭᠰᠡᠨ ᠶᠤᠮ᠃ ᠮᠣᠩᠭᠤᠯᠴᠤᠳ ᠲᠤ ᠪᠠᠭᠠᠲᠤᠷ ᠢ ᠰᠢᠲᠦᠬᠦ ᠰᠡᠳᠬᠢᠬᠦᠢ ᠪᠤᠢ ᠪᠤᠯᠤᠭᠰᠠᠨ ᠨᠢ ᠲᠤᠬᠠᠢ ᠶᠢᠨ ᠦᠶ ᠡ ᠶᠢᠨ ᠨᠡᠢᠭᠡᠮ ᠪᠠᠢᠭᠠᠯᠢ ᠶᠢᠨ ᠨᠦᠬᠦᠴᠡᠯ ᠡᠴᠡ ᠰᠠᠯᠵᠤ ᠴᠢᠳᠠᠬᠤ ᠦᠭᠡᠢ ᠶᠤᠮ᠃
Original Literature View Original Paper
出自 呼伦贝尔学院学报 2021年 第1期

联系我们


内蒙古大学图书馆
呼和浩特市大学西路235号
中国·内蒙古
P: (0471) 4992561
E: huangfeilong@imu.edu.cn