Abstract |
ᠳᠤᠰ ᠦᠭᠦᠯᠡᠯ ᠳᠤ 1902—1949 ᠤᠨ ᠦ ᠬᠤᠭᠤᠷᠤᠨᠲᠤ ᠪᠤᠢ ᠪᠤᠯᠤᠭᠰᠠᠨ ᠮᠣᠩᠭᠣᠯ ᠤᠳᠬ᠎ᠠ ᠵᠤᠬᠢᠶᠠᠯ ᠤᠨ ᠦᠵᠡᠯ ᠤᠬᠠᠮᠰᠠᠷ ᠢ 《ᠤᠳᠤ ᠦᠶ ᠡ ᠶᠢᠨ 100ᠵᠢᠯ ᠤᠨ ᠵᠡᠭᠦᠳᠦ》ᠪᠠ 《5.4》ᠤ᠋ ᠭᠦᠳᠡᠯᠭᠡᠭᠡᠨ ᠦ ᠳᠡᠦᠬᠡᠨ ᠦᠵᠡᠭᠳᠡᠯ ᠲᠠᠢ ᠬᠤᠯᠪᠤᠭᠳᠠᠭᠤᠯᠤᠨ ᠰᠢᠨᠵᠢᠯᠡᠵᠦ᠂《ᠰᠤᠶᠤᠨ ᠭᠡᠭᠡᠷᠡᠭᠦᠯᠬᠦ ᠦᠵᠡᠯ ᠤᠷᠤᠰᠬᠠᠯ》ᠭᠡᠵᠦ ᠨᠡᠷᠡᠯᠡᠪᠡ᠃ ᠬᠡᠭᠦ ᠳᠡᠭᠡᠨ 《ᠨᠡᠢ᠌ᠭᠡᠮ ᠠᠬᠤᠢ ᠶᠢᠨ ᠲᠤᠬᠠᠢ ᠦᠵᠡᠯ ᠳᠠᠨᠢᠯᠲᠠ》᠂《ᠰᠤᠶᠤᠨ ᠭᠡᠭᠡᠷᠡᠭᠦᠯᠬᠦ ᠦᠵᠡᠯ ᠪᠤᠳᠤᠯᠭ᠎ᠠ》᠂《ᠰᠤᠶᠤᠨ ᠭᠡᠭᠡᠷᠡᠭᠦᠯᠬᠦ ᠶᠢᠨ ᠵᠤᠷᠢᠯᠭ᠎ᠠ 》ᠭᠡᠬᠦ ᠭᠤᠷᠪᠠᠨ ᠬᠡᠰᠡᠭ ᠲᠤ ᠬᠤᠪᠢᠶᠠᠵᠤ ᠰᠢᠨᠵᠢᠯᠡᠵᠡᠢ᠃ ᠡᠨᠳᠡ ᠳᠡᠳᠡᠭᠡᠷ ᠲᠤᠷᠠᠳᠤᠨ ᠪᠦᠬᠦᠢ ᠰᠤᠶᠤᠨ ᠭᠡᠭᠡᠷᠡᠭᠦᠯᠦᠭᠴᠢᠳ ᠢ ᠠᠩᠬ᠎ᠠ ᠤᠳᠠᠭ᠎ᠠ《ᠬᠠᠯᠠᠨ ᠰᠠᠢ᠌ᠵᠢᠷᠠᠭᠤᠯᠤᠭᠴᠢ》 ᠭᠡᠵᠦ ᠳ᠋ᠦᠩᠨᠡᠵᠦ᠂ ᠳᠡᠳᠡᠨ ᠦ 《ᠶᠡᠷᠦ ᠡᠴᠡ ᠬᠤᠭᠤᠴᠢᠨ ᠲᠦᠷᠦ ᠶᠢᠨ ᠪᠠᠢ᠌ᠭᠤᠯᠤᠮᠵᠢ ᠶᠢ ᠨᠤᠶᠷᠭᠠᠬᠤ ᠶᠢ ᠪᠤᠳᠤᠯᠬᠢᠯᠠᠭᠠ ᠦᠭᠡᠢ》ᠭᠤᠤᠯ ᠡᠮᠵᠢᠭ᠌᠋᠋ ᠢ ᠨᠢ ᠲᠤᠷᠠᠳᠴᠤ ᠭᠠᠷᠭᠠᠪᠠ᠃ |