Paper Information


Title ᠳᠤᠮᠳᠠᠳᠤ ᠢᠷᠡᠭᠡᠨ ᠤᠯᠰ ᠪᠠ ᠬᠠᠭᠤᠷᠮᠠᠭ 《 ᠮᠠᠨᠵᠤ ᠤᠯᠤᠰ》 ᠤᠨ ᠵᠡᠭᠦᠨ ᠬᠡᠰᠡᠭ ᠤᠷᠤᠨ ᠳ᠋ᠤ ᠬᠢ ᠱᠠᠰᠢᠨ ᠤ ᠪᠤᠳᠤᠯᠭ᠎ᠠ ᠶᠢᠨ ᠲᠤᠬᠠᠢ ᠦᠭᠦᠯᠡᠬᠦ ᠨᠢ
Creator ᠭᠡᠷᠡᠯᠲᠦ
Keyword ᠳᠤᠮᠳᠠᠳᠤ ᠢᠷᠭᠡᠨ ᠤᠯᠤᠰ ᠪᠠ ᠬᠠᠭᠤᠷᠮᠠᠭ 《 ᠮᠠᠨᠵᠤ ᠤᠯᠤᠰ》︔ᠦᠪᠦᠷ ᠮᠣᠩᠭᠤᠯ ᠤᠨ ᠵᠡᠭᠦᠨ ᠬᠡᠰᠡᠭ ᠤᠷᠤᠨ︔ ᠱᠠᠰᠢᠨ ᠤ ᠪᠤᠳᠤᠯᠭ᠎ᠠ︔ ᠯᠠᠮᠠ ᠨᠠᠷ
Abstract ᠴᠢᠨ ᠤᠯᠤᠰ ᠮᠦᠬᠦᠭᠰᠡᠨ ᠤ ᠰᠡᠭᠦᠯᠡᠷ ᠲᠤᠮᠳᠠᠳᠤ ᠢᠷᠭᠡᠨ ᠤᠯᠤᠰ ᠤᠨ ᠵᠠᠰᠠᠭ ᠤᠨ ᠭᠠᠵᠠᠷ ᠨᠢ ᠦᠪᠦᠷ ᠮᠣᠩᠭᠤᠯ ᠤᠷᠤᠨ ᠳ᠋ᠤ ᠢᠯᠪᠢᠨ ᠲᠠᠭᠠᠭᠤᠯᠬᠤ ᠲᠦᠷᠦ ᠶᠢᠨ ᠪᠤᠳᠤᠯᠭ᠎ᠠ ᠵᠢ ᠬᠡᠷᠡᠭᠵᠢᠭᠦᠯᠦᠭᠰᠡᠨ ᠶᠤᠮ᠃ ᠢᠯᠠᠭᠤᠶ ᠠ ᠶᠠᠫᠤᠨ ᠤ ᠲᠤᠬᠢᠯᠲᠠ ᠲᠤᠤᠷᠠᠬᠢ ᠬᠠᠭᠤᠷᠮᠠᠭ 《 ᠮᠠᠵᠤ ᠤᠯᠤᠰ》 ᠡᠴᠡ ᠬᠡᠷᠡᠭᠵᠢᠭᠦᠯᠦᠭᠰᠡᠨ ᠯᠠᠮᠠ ᠶᠢᠨ ᠱᠠᠰᠢᠨ ᠤ ᠪᠤᠳᠤᠯᠭ᠎ᠠ ᠪᠠ ᠲᠡᠭᠦᠨ ᠤ ᠲᠤᠬᠠᠢ ᠮᠠᠰᠢ ᠣᠯᠠᠨ ᠦᠭᠡᠷᠡᠴᠢᠯᠡᠯᠲᠡ ᠨᠢ ᠰᠦᠮ ᠠ ᠬᠡᠢᠢᠳ ᠤᠨ ᠯᠠᠮ ᠨᠠᠷ ᠤᠨ ᠲᠤᠭ᠎ᠠ ᠪᠠ ᠡᠳ᠋ ᠬᠦᠷᠦᠩᠭᠡ ᠪᠠᠭᠠᠰᠴᠤ᠂ ᠰᠦᠮ ᠠ ᠬᠡᠢᠢᠳ ᠤᠨ ᠨᠦᠯᠦᠭᠡᠯᠡᠬᠦ ᠬᠦᠴᠦᠨ ᠶᠠᠪᠤᠬᠤ ᠲᠤᠳᠤᠮ ᠰᠤᠷᠠᠯᠠᠭᠰᠠᠨ ᠪᠠᠢᠨ᠎ᠠ᠃ ᠲᠤᠷᠠᠳᠤᠭᠤᠰᠢᠲᠠᠢ ᠨᠢ ᠶᠠᠫᠤᠨ ᠤ ᠬᠢᠨ ᠯᠠᠮᠠ ᠨᠠᠷ ᠢ ᠡᠷᠬᠡᠰᠢᠶᠡᠯ ᠳ᠋ᠤ ᠪᠠᠨ ᠤᠷᠤᠭᠤᠯᠬᠤ᠂ ᠬᠦᠮᠦᠰ ᠤᠨ ᠦᠵᠡᠯ ᠰᠠᠨᠠᠭᠠᠨ ᠳ᠋ᠤ ᠶᠠᠫᠤᠨᠴᠢᠯᠠᠬᠤ ᠬᠦᠮᠦᠵᠢᠯ ᠬᠢᠬᠦ ᠪᠡᠷ ᠳᠠᠮᠵᠢᠨ ᠦᠪᠦᠷ ᠮᠣᠩᠭᠤᠯ ᠵᠢᠴᠢ ᠪᠦᠬᠦ ᠲᠤᠮᠳᠠᠳᠤ ᠤᠯᠤᠰ ᠢ ᠲᠦᠷᠢᠮᠡᠬᠡᠢᠢᠯᠡᠬᠦ ᠳ᠋ᠤ ᠪᠠᠨ ᠦᠢᠯᠡᠴᠢᠯᠡᠬᠦᠯᠬᠦ ᠭᠡᠰᠡᠨ ᠰᠠᠨᠠᠭ᠎ᠠ ᠪᠤᠯᠤᠨ᠎ᠠ᠃ ᠡᠭᠦᠨ ᠤ ᠤᠯᠠᠮ  ᠡᠴᠡ ᠦᠪᠦᠷ ᠮᠣᠩᠭᠤᠯ ᠤᠨ ᠵᠡᠭᠦᠨ ᠬᠡᠰᠡᠭ ᠤᠷᠤᠨ ᠳ᠋ᠤ ᠨᠡᠢᠭᠡᠮ ᠤᠨ ᠤᠯᠤᠰ ᠲᠦᠷᠦ᠂ ᠠᠵᠤ ᠠᠬᠤᠢ᠂ ᠰᠣᠶᠤᠯ ᠤᠨ ᠪᠠᠢᠳᠠᠯ ᠳ᠋ᠤ ᠯᠤᠶᠤ ᠶᠡᠬᠡ ᠬᠤᠪᠢᠷᠠᠯᠲᠠ ᠭᠠᠷᠭᠠᠭᠰᠠᠨ ᠪᠢᠯᠠ᠃
Original Literature View Original Paper
出自 呼伦贝尔学院学报 2020年 第2期

联系我们


内蒙古大学图书馆
呼和浩特市大学西路235号
中国·内蒙古
P: (0471) 4992561
E: huangfeilong@imu.edu.cn