Paper Information


Title ᠰᠢᠨᠵᠢᠶᠠᠩ ᠣᠶᠢᠷᠠᠳ ᠤᠨ ᠲᠡᠦᠬᠡᠲᠦ ᠳᠠᠭᠤᠤ ᠵᠢᠨ ᠡᠭᠦᠰᠦᠯ ᠬᠦᠭ᠍ᠵᠢᠯ ᠤᠨ ᠲᠣᠬᠠᠢ
Creator ᠠᠨᠠᠪᠠᠳ
Keyword ᠰᠢᠨᠵᠢᠶᠠᠩ ᠣᠶᠢᠷᠠᠳ; ᠲᠡᠦᠬᠡᠲᠦ ᠳᠠᠭᠤᠤ; ᠡᠭᠦᠰᠦᠯ ᠬᠦᠭ᠍ᠵᠢᠯ
Abstract ᠣᠶᠢᠷᠠᠳ ᠮᠣᠩᠭ᠋ᠤᠯᠴᠤᠳ ᠪᠣᠯ ᠤᠷᠲᠤ ᠤᠳᠠᠭᠠᠨ ᠲᠡᠦᠬᠡ ᠲᠠᠢ ᠤᠭᠰᠠᠭ᠋ ᠠ ᠶᠠᠰᠤᠲᠠᠨ ᠮᠦᠨ᠃ ᠲᠡᠳᠡ ᠤᠷᠲᠤ ᠤᠳᠠᠭᠠᠨ ᠲᠡᠦᠬᠡ ᠵᠢᠨ ᠶᠠᠪᠤᠴᠠ ᠳᠠᠭᠠᠨ ᠡᠯᠪᠡᠭ᠌ ᠪᠠᠶᠠᠯᠢᠭ ᠰᠣᠶᠤᠯ ᠤᠷᠠᠯᠢᠭ ᠤᠨ ᠦᠪ ᠬᠦᠷᠦᠩᠭᠡ ᠵᠢ ᠡᠭᠦᠳᠦᠨ ᠤᠯᠠᠮᠵᠢᠯᠠᠨ ᠬᠦᠭ᠍ᠵᠢᠭᠦᠯᠦᠭᠰᠡᠭᠡᠷ ᠢᠷᠡᠵᠡᠢ᠃ ᠡᠭᠦᠨ ᠳᠤ ᠲᠡᠦᠬᠡᠲᠦ ᠳᠠᠭᠤᠤ ᠪᠣᠯ ᠲᠡᠭᠦᠨ ᠤ ᠳᠣᠲᠤᠷᠠᠬᠢ ᠨᠢᠭᠡᠨ ᠴᠢᠬᠤᠯᠠ ᠪᠦᠷᠢᠯᠳᠦᠭᠦᠨ ᠬᠡᠰᠡᠭ ᠪᠣᠯᠤᠨ᠌ ᠠ᠃ ᠦᠭᠦᠯᠡᠯ ᠳᠤ ᠰᠢᠨᠵᠢᠶᠠᠩ ᠣᠶᠢᠷᠠᠳ ᠤᠨ ᠲᠡᠦᠬᠡᠲᠦ ᠳᠠᠭᠤᠤ ᠵᠢᠨ ᠡᠭᠦᠰᠦᠯ ᠬᠦᠭ᠍ᠵᠢᠯ ᠢ ᠣᠶᠢᠷᠠᠳ ᠮᠣᠩᠭ᠋ᠤᠯᠴᠤᠳ ᠤᠨ ᠨᠡᠶᠢᠭᠡᠮ ᠲᠡᠦᠬᠡ ᠵᠢᠨ ᠨᠦᠭᠦᠴᠡᠯ ᠲᠠᠢ ᠬᠣᠯᠪᠤᠭᠳᠠᠭᠤᠯᠤᠨ ᠵᠠᠳᠠᠯᠤᠨ ᠰᠢᠨᠵᠢᠯᠡᠵᠦ᠂ ᠲᠡᠭᠦᠨ ᠤ ᠡᠭᠦᠰᠦᠯ ᠬᠦᠭ᠍ᠵᠢᠯ ᠢ ᠡᠭᠦᠰᠦᠯ ᠲᠦᠯᠦᠪᠰᠢᠷᠡᠯ ᠤᠨ ᠦᠶ ᠡ᠂ ᠦᠷᠨᠢᠯ ᠬᠦᠭ᠍ᠵᠢᠯ ᠤᠨ ᠦᠶ ᠡ᠂ ᠰᠢᠨ᠌ ᠡ ᠪᠡᠷ ᠵᠣᠬᠢᠶᠠᠭᠳᠠᠭᠰᠠᠨ ᠦᠶ ᠡ ᠭᠡᠵᠦ ᠭᠤᠷᠪᠠᠨ ᠱᠠᠲᠤ ᠦᠶ ᠡ ᠳᠤ ᠬᠣᠪᠢᠶᠠᠨ ᠦᠭᠦᠯᠡᠪᠡ᠃
Original Literature View Original Paper
出自 内蒙古民族大学学报(社会科学) 2006年 第2期

联系我们


内蒙古大学图书馆
呼和浩特市大学西路235号
中国·内蒙古
P: (0471) 4992561
E: huangfeilong@imu.edu.cn