Paper Information


Title ᠰᠦᠮᠪᠠ ᠬᠠᠮᠪᠤ ᠢᠰᠢᠪᠠᠯᠵᠤᠷ ᠪᠨ 《 ᠶᠡᠬᠡ ᠨᠠᠮᠲᠠᠷ》《ᠪᠠᠭ᠎ ᠠ ᠨᠠᠮᠳᠠᠷ》 ᠢ ᠬᠠᠷᠢᠴᠠᠭᠤᠯᠤᠨ ᠰᠢᠨᠵᠢᠯᠡᠬᠦ ᠨᠢ
Creator ᠠᠮᠤᠭᠤᠯᠠᠩ
Keyword ᠰᠦᠮᠪᠠ ᠬᠠᠮᠪᠤ ᠢᠰᠢᠪᠠᠯᠵᠤᠷ︔ 《 ᠶᠡᠡᠮ ᠨᠠᠷᠲᠠᠷ》︔ 《 ᠪᠠᠭ᠎ᠠ ᠨᠠᠮᠲᠠᠷ》ᠯ ᠬᠠᠷᠢᠴᠠᠭᠤᠯᠤᠯ
Abstract ᠳᠡᠭᠡᠳᠦ ᠮᠣᠩᠭᠤᠯ ᠤᠨ ᠰᠦᠮᠪᠠ ᠬᠠᠮᠪᠤ ᠢᠰᠢᠪᠠᠯᠵᠤᠤᠷ ᠲᠤ《 ᠶᠡᠬᠡ》 《ᠪᠠᠭ᠎ᠠ》 ᠬᠤᠶᠠᠷ ᠨᠠᠮᠲᠠᠰᠷ ᠪᠠᠢᠳᠠᠭ᠃ ᠲᠤᠰ ᠬᠤᠶᠠᠷ ᠨᠠᠮᠲᠠᠷ ᠤᠨ ᠬᠡᠯᠡᠨ ᠤ ᠣᠨᠴᠠᠯᠢᠭ᠂ ᠵᠤᠬᠢᠶᠠᠮᠵᠢ ᠪᠦᠳᠦᠴᠡ ᠪᠠ ᠭᠤᠤᠯ ᠠᠭᠤᠯᠭ᠎ ᠠ ᠨᠢ ᠦᠨᠳᠦᠰᠦᠨ ᠳ᠋ᠤ ᠪᠠᠨ ᠢᠵᠢᠯ ᠠᠯᠬᠤᠮ ᠲᠠᠢ᠃ ᠭᠡᠪᠡᠴᠦ ᠬᠤᠶᠠᠷ ᠨᠠᠮᠲᠠᠷ ᠨᠢ ᠪᠦᠷᠮᠦᠰᠦᠨ ᠲᠡᠩᠴᠡᠭᠦᠦ ᠪᠣᠯᠬᠤ ᠭᠡᠰᠡᠨ ᠶᠠᠪᠤᠳᠠᠯ ᠤᠭᠲᠤ ᠪᠢᠰᠢ᠂ ᠨᠠᠷᠢᠨ ᠵᠦᠢᠯᠡᠰ ᠤᠨ ᠲᠠᠯ ᠠ ᠪᠡᠷ ᠴᠦᠬᠡᠨ ᠪᠤᠰᠤ ᠢᠯᠭᠠᠭᠠ᠎ᠠ ᠲᠠᠢ ᠪᠠᠢᠳᠠᠭ᠃ 《 ᠪᠠᠭ᠎ᠠ ᠨᠠᠮᠳᠠᠷ》 ᠤᠨ ᠠᠭᠤᠯᠭ᠎ᠠ ᠨᠢ ᠲᠤᠪᠴᠢ ᠠᠪᠰᠠᠷ᠂ ᠤᠷᠤᠰᠤᠮ ᠠ ᠲᠤᠳᠤ᠂ ᠭᠤᠤᠯᠳᠠᠯᠭ᠎ᠠ ᠵᠢ ᠪᠠᠷᠢᠵᠦ ᠪᠢᠴᠢᠭᠰᠡᠨ ᠬᠦᠲᠦᠯᠪᠦᠷᠢ ᠨᠤᠤᠷᠠᠭ ᠤᠨ ᠰᠢᠨᠵᠢᠲᠡᠢ ᠦᠭᠦᠯᠡᠯ ᠵᠤᠬᠢᠶᠠᠯ ᠪᠠᠢᠵᠦ᠂ 《 ᠶᠡᠬᠡ ᠨᠠᠮᠲᠠᠷ》 ᠤᠨ ᠠᠭᠤᠯᠭ᠎ᠠ ᠨᠢ ᠨᠠᠷᠢᠯᠢᠭ ᠪᠦᠭᠡᠳ ᠡᠯᠭᠡᠷᠡᠩᠬᠦᠢ᠂ ᠮᠦᠨ ᠴᠦᠬᠡᠨ ᠪᠤᠰᠤ ᠲᠠᠢᠯᠪᠤᠷᠢ ᠰᠢᠬᠦᠮᠵᠢ ᠵᠢ ᠬᠠᠳᠠᠵᠤ᠂ ᠦᠷᠭᠡᠨ ᠬᠦᠷᠢᠶ ᠡ ᠬᠡᠪᠴᠢᠶᠡᠨ ᠤ ᠰᠤᠷᠠᠭ ᠵᠠᠩᠬᠢ ᠵᠢ ᠪᠠᠭᠲᠠᠭᠠᠭᠰᠠᠨ ᠪᠠᠷᠢᠮᠵᠢᠶᠠᠲᠤ ᠯᠠᠮᠠ ᠡᠷᠳᠡᠮᠲᠡᠨ ᠤ ᠨᠠᠮᠲᠠᠷ ᠵᠤᠬᠢᠶᠠᠯ ᠪᠤᠯᠤᠨ᠎ᠠ᠃ ᠬᠤᠶᠠᠷ ᠨᠠᠮᠲᠠᠷ ᠢ ᠣᠯᠠᠨ ᠲᠠᠯ ᠠ ᠡᠴᠡ ᠬᠠᠷᠢᠴᠠᠭᠤᠯᠤᠭᠰᠠᠨ ᠤ ᠦᠷ ᠡ ᠳ᠋ᠦᠩ ᠳ᠋ᠤ ᠵᠤᠬᠢᠶᠠᠭᠴᠢ ᠢᠰᠢᠪᠠᠯᠵᠤᠷ ᠤᠨ ᠬᠤᠶᠠᠷ ᠨᠠᠮᠲᠠᠷ ᠲᠤ ᠰᠡᠳᠬᠢᠮᠵᠢᠯᠡᠭᠰᠡᠨ ᠢᠵᠢᠯ ᠨᠢᠭᠡᠨ ᠨᠠᠮᠲᠠᠷ ᠬᠦᠦᠷᠨᠢᠯ ᠤᠨ ᠠᠷᠭ᠎ᠠ ᠵᠦᠢ᠂ ᠬᠤᠶᠠᠷ ᠨᠠᠮᠲᠠᠷ ᠤᠨ ᠲᠸᠺᠰᠲ ᠤᠨ ᠲᠤᠳᠤᠭᠠᠲᠤ ᠬᠣᠯᠪᠤᠭ᠎ᠠ ᠪᠠ ᠲᠡᠳᠡᠭᠡᠷ ᠤᠨ ᠲᠤᠰ ᠲᠤᠰ ᠤᠨ ᠦᠪᠡᠷᠮᠢᠴᠡ ᠣᠨᠴᠠᠯᠢᠭ ᠢ ᠦᠵᠡᠨ ᠭᠠᠷᠴᠤ ᠪᠤᠯᠤᠨ᠎ᠠ᠃
Original Literature No Original Paper
出自 内蒙古社会科学(蒙文版) 2024年 第1期

联系我们


内蒙古大学图书馆
呼和浩特市大学西路235号
中国·内蒙古
P: (0471) 4992561
E: huangfeilong@imu.edu.cn