Title |
ᠯᠣᠪᠰᠠᠩ ᠴᠤᠢᠲᠠᠨ ᠤ 《 ᠮᠣᠩᠭᠤᠯ ᠵᠠᠩ ᠠᠭᠠᠯᠢ ᠶᠢᠨ ᠤᠢᠯᠠᠪᠤᠷᠢ》 ᠳ᠋ᠤ ᠲᠤᠷᠠᠳᠤᠭᠰᠠᠨ ᠠᠷᠠᠳ ᠤᠨ ᠲᠠᠭᠤᠤ ᠶᠢᠨ ᠤᠨᠤᠯ ᠦᠵᠡᠯᠲᠡ |
Creator |
ᠮᠢᠩ ᠵᠸ |
Keyword |
《 ᠮᠣᠩᠭᠤᠯ ᠤᠨ ᠵᠠᠩ ᠠᠭᠠᠯᠢ ᠶᠢᠨ ᠤᠢᠯᠠᠪᠤᠷᠢ》︔ ᠠᠷᠠᠳ ᠤᠨ ᠲᠠᠭᠤᠤ︔ᠣᠨᠤᠯ ᠦᠵᠡᠯᠲᠡ |
Abstract |
ᠯᠤᠪᠰᠠᠩᠴᠤᠢᠲᠠᠨ ᠤ《 ᠮᠣᠩᠭᠤᠯ ᠤᠨ ᠵᠠᠩ ᠠᠭᠠᠯᠢ ᠶᠢᠨ ᠤᠢᠯᠠᠪᠤᠷᠢ》 ᠪᠤᠯ ᠵᠠᠩ ᠦᠢᠯᠡ ᠶᠢᠨ ᠪᠦᠷᠢᠨ ᠲᠦᠭᠦᠷ ᠲᠡᠮᠳᠡᠭᠯᠡᠯ ᠪᠤᠯᠤᠨ᠎ᠠ᠃ ᠲᠤᠰ ᠨᠣᠮ ᠤᠨ 《 ᠡᠷᠲᠡ ᠡᠳᠦᠭᠡ ᠶᠢᠨ ᠲᠠᠭᠤᠯᠠᠯ ᠤᠨ ᠵᠦᠢᠯ》 ᠳ᠋ᠤ14 ᠠᠷᠠᠳ ᠤᠨ ᠲᠠᠭᠤᠤ ᠲᠡᠮᠳᠡᠭᠯᠡᠭᠳᠡᠨ ᠤᠷᠤᠭᠰᠠᠨ ᠪᠠᠢᠨ᠎ᠠ᠃ ᠲᠡᠷ ᠡᠨᠢ ᠨᠡᠢᠲᠡ ᠮᠣᠩᠭᠤᠯ ᠲᠠᠭᠤᠤ ᠶᠢᠨ ᠨᠢᠭᠡ ᠵᠢᠵᠢᠭ ᠲᠡᠭᠦᠪᠦᠷᠢ ᠪᠤᠯᠬᠤ ᠶᠢᠨ ᠬᠠᠮᠲᠤ ᠮᠦᠨ ᠨᠡᠢᠲᠡ ᠠᠷᠲᠠᠳ ᠤᠨ ᠲᠠᠭᠤᠤ ᠶᠢᠨ ᠤᠨᠤᠯ ᠤᠨ ᠬᠤᠷᠢᠶᠠᠩᠭᠤᠢᠯᠠᠯ ᠪᠤᠯᠬᠤ ᠶᠤᠮ᠃ ᠲᠤᠰ 14 ᠠᠷᠠᠳ ᠤᠨ ᠲᠠᠭᠤᠤ ᠪᠤᠯ ᠠᠳᠠᠯᠢ ᠪᠤᠰᠤ ᠨᠡᠢᠭᠡᠮ ᠤᠨ ᠬᠦᠭᠵᠢᠯ ᠤᠨ ᠱᠠᠲᠤᠨ ᠳ᠋ᠤ ᠵᠤᠬᠢᠶᠠᠭᠳᠠᠵᠤ ᠤᠯᠠᠮᠵᠢᠯᠠᠭᠳᠠᠭᠰᠠᠨ ᠲᠠᠭᠤᠤ ᠨᠤᠭᠤᠳ ᠪᠤᠯᠤᠨ᠎ᠠ᠃ ᠲᠡᠳᠡᠭᠡᠷ ᠲᠠᠭᠤᠤ ᠨᠤᠭᠤᠳ ᠲᠤ ᠯᠤᠪᠰᠠᠩᠴᠤᠢᠲᠠᠨ ᠤ 《ᠢᠷᠦᠭᠡᠯ ᠠᠷᠠᠳ ᠤᠨ ᠲᠠᠭᠤᠤ ᠡᠴᠡ ᠡᠷᠲᠡ ᠡᠭᠦᠰᠴᠦ ᠲᠡᠯᠭᠡᠷᠡᠭᠰᠡᠨ》᠂《 ᠠᠷᠠᠳ ᠤᠨ ᠲᠠᠭᠤᠤ ᠨᠡᠢᠭᠡᠮ ᠤᠨ ᠬᠦᠭᠵᠢᠯ ᠢ ᠲᠠᠭᠠᠯᠳᠤᠨ ᠬᠤᠪᠢᠷᠠᠵᠤ ᠬᠦᠭᠵᠢᠬᠦ》᠂《 ᠠᠷᠠᠳ ᠤᠨ ᠲᠠᠭᠤᠤ ᠪᠤᠯ ᠭᠠᠵᠠᠷ ᠤᠷᠤᠨ ᠤ ᠵᠠᠩ ᠠᠭᠠᠯᠢ ᠶᠢᠨ ᠲᠤᠰᠬᠠᠯ》᠂《 ᠠᠷᠠᠳ ᠤᠨ ᠲᠠᠭᠤᠤ ᠨᠢ ᠪᠢᠴᠢᠭ ᠰᠢᠯᠦᠭ ᠤᠨ ᠨᠦᠬᠦᠪᠦᠷᠢ ᠪᠤᠯᠬᠤ》 ᠵᠡᠷᠭᠡ ᠠᠷᠠᠳ ᠤᠨ ᠲᠠᠭᠤᠤ ᠶᠢᠨ ᠲᠤᠬᠠᠢ ᠤᠨᠤᠯ ᠦᠵᠡᠯᠲᠡ ᠳᠠᠭᠠᠯᠲᠤᠭᠰᠠᠨ ᠪᠠᠢᠳᠠᠭ᠃ |
Original Literature |
No Original Paper
|
出自 |
内蒙古社会科学(蒙文版)
2024年
第1期
|