Title |
ᠮᠣᠩᠭᠤᠷ ᠬᠡᠯᠡᠨ ᠤ ᠠᠪᠢᠶᠠᠨ ᠤ ᠬᠣᠪᠢᠷᠠᠯᠲᠠ ᠶᠢᠨ ᠰᠢᠨᠵᠢᠯᠡᠯ |
Creator |
ᠬᠠᠨ ᠭᠦᠸᠸ ᠵᠢᠶᠦ᠋ᠨ |
Keyword |
ᠲᠦᠪ ᠤᠨ ᠦᠨᠳᠦᠰᠦᠲᠡᠨ ᠤ ᠶᠡᠬᠡ ᠰᠤᠷᠭᠠᠭᠤᠯᠢ ᠶᠢᠨ ᠳᠤᠮᠳᠠᠳᠤ ᠤᠯᠤᠰ ᠤᠨ ᠴᠦᠬᠡᠨ ᠲᠤᠭᠠᠲᠤ ᠦᠨᠳᠦᠰᠦᠲᠡᠨ ᠤ ᠬᠡᠡᠯ ᠤᠳᠬ ᠠ ᠵᠤᠬᠢᠶᠠᠯ ᠤᠨ ᠳᠡᠭᠡᠳᠦ ᠰᠤᠷᠭᠠᠭᠯᠤᠢ ᠶᠢᠨ ᠲᠡᠳ᠋ ᠫᠷᠣᠹᠸᠰᠰᠤᠷ᠃ |
Abstract |
ᠠᠪᠢᠶᠠᠨ ᠤ ᠬᠤᠪᠢᠷᠠᠯᠲᠠ ᠪᠤᠯ ᠬᠡᠯᠡᠨ ᠤ ᠲᠡᠦᠬᠡᠨ ᠴᠠᠭ ᠤᠨ ᠬᠣᠪᠢᠷᠠᠯᠲᠠ ᠶᠢᠨ ᠬᠠᠮ ᠴᠠᠭ ᠲᠡᠬᠢ ᠪᠤᠳᠠᠳᠠᠢ ᠢᠯᠡᠷᠡᠯ ᠪᠤᠯᠤᠨ᠎ᠠ᠃ ᠠᠪᠢᠶᠠᠯᠪᠤᠷᠢ ᠵᠦᠢ ᠶᠢᠨ ᠠᠷᠭ᠎ᠠ ᠤᠨᠤᠯ ᠢᠢᠡᠷ ᠬᠡᠯᠡᠨ ᠤ ᠦᠭᠡ ᠶᠢᠨ ᠦᠨᠳᠦᠰᠦ ᠶᠢᠨ ᠳᠠᠪᠬᠤᠷᠭᠠᠨ ᠳ᠋ᠡᠬᠢ ᠠᠪᠢᠶᠠᠨ ᠤ ᠬᠣᠪᠢᠷᠠᠯᠲᠠ ᠶᠢᠨ ᠦᠵᠡᠭᠳᠡᠯ ᠢ ᠵᠠᠳᠠᠯᠤᠨ ᠰᠦᠨᠵᠢᠯᠡᠬᠦ ᠨᠢ ᠲᠤᠬᠠᠢ ᠶᠢᠨ ᠬᠡᠯᠡᠨ ᠤ ᠠᠪᠢᠶᠠᠯᠪᠤᠷᠢ ᠶᠢᠨ ᠰᠢᠰᠲ᠋ᠸᠮ ᠤᠨ ᠬᠠᠮᠤᠭ ᠤᠨ ᠦᠴᠦᠬᠡᠨ ᠪᠢᠴᠢᠯ ᠬᠣᠪᠢᠷᠠᠯᠲᠠ ᠨᠤᠭᠤᠳ ᠢ ᠨᠡᠯᠢᠶᠡᠳ ᠨᠠᠷᠢᠯᠢᠭ ᠰᠢᠨᠵᠢᠯᠡᠵᠦ ᠴᠢᠳᠠᠳᠠᠭ᠃ ᠮᠣᠩᠭᠤᠷ ᠬᠡᠯᠡᠨ ᠤ ᠡᠬᠡᠰᠢᠭ ᠠᠪᠢᠶᠠᠨ ᠤ ᠬᠣᠪᠢᠷᠠᠯᠲᠠ ᠳ᠋ᠤ ᠠᠨᠢᠷᠰᠢᠬᠤ᠂ ᠤᠷᠤᠭᠤᠯ ᠤᠨ ᠪᠠᠰᠤ ᠪᠤᠯᠬᠤ᠂ ᠬᠡᠭᠡᠭᠳᠡᠬᠦ ᠪᠠ ᠤᠷᠤᠭᠰᠢᠯᠠᠬᠤ ᠦᠵᠡᠭᠳᠡᠯ ᠲᠠᠢ᠂ ᠭᠡᠢᠢᠭᠦᠯᠦᠭᠴᠢ ᠠᠪᠢᠶᠠᠨ ᠤ ᠬᠣᠪᠢᠷᠠᠯᠲᠠ ᠳ᠋ᠤ ᠭᠡᠭᠡᠭᠳᠡᠬᠦ ᠱᠦᠷᠭᠦᠭᠡᠬᠦ ᠦᠵᠡᠭᠳᠡᠯ ᠲᠠᠢ᠃ ᠠᠪᠢᠶᠠᠨ ᠤ ᠬᠣᠪᠢᠷᠠᠯᠲᠠ ᠶᠢᠨ ᠨᠦᠬᠦᠴᠡᠯ ᠡᠴᠡ ᠦᠵᠡᠪᠡᠯ᠂ ᠭᠤᠤᠯᠳᠠᠭᠤ ᠦᠭᠡ ᠶᠢᠨ ᠡᠷᠭᠦᠯᠳᠡᠳᠦ ᠪᠤᠰᠤ ᠦᠶ ᠡ ᠶᠢᠨ ᠵᠡᠷᠭᠡᠯᠡᠳᠡᠭᠡ ᠠᠪᠢᠶᠠᠨ ᠤ ᠨᠦᠯᠦᠭᠡ ᠡᠴᠡ ᠪᠤᠯᠵᠠᠢ᠃ ᠡᠳᠡᠭᠡᠷ ᠠᠪᠢᠶᠠᠨ ᠤ ᠬᠣᠪᠢᠷᠠᠯᠲᠠ ᠶᠢᠨ ᠦᠵᠡᠭᠳᠡᠯ ᠨᠢ ᠲᠤᠬᠠᠢ ᠶᠢᠨ ᠬᠡᠯᠡᠨ ᠤ ᠠᠪᠢᠶᠠᠯᠠᠪᠤᠷᠢ ᠶᠢᠨ ᠰᠢᠰᠲ᠋ᠸᠮ ᠤᠨ ᠪᠦᠬᠦᠢ ᠯᠡ ᠴᠣᠭᠴᠠ ᠶᠢᠨ ᠬᠦᠭᠵᠢᠯᠲᠡ ᠶᠢᠨ ᠬᠠᠨᠳᠤᠰᠢ ᠵᠢ ᠢᠯᠡᠷᠡᠬᠦᠯᠵᠦ ᠪᠠᠢᠬᠤ ᠪᠡᠷ ᠪᠠᠷᠠᠬᠤ ᠦᠭᠡᠢ᠂ᠴᠢᠠᠨᠭᠰᠢᠲᠠ ᠮᠣᠩᠭᠤᠯ ᠲᠦᠷᠦᠯ ᠬᠡᠯᠡ ᠠᠶᠠᠯᠭᠤ ᠨᠤᠭᠤᠳ ᠤᠨ ᠠᠪᠢᠶᠠᠯᠠᠪᠤᠷᠢ ᠵᠦᠢ ᠶᠢᠨ ᠬᠠᠷᠢᠴᠠᠭᠤᠯᠤᠭᠰᠠᠨ ᠰᠣᠳᠤᠯᠭᠠᠨ ᠳ᠋ᠤ ᠴᠤ ᠯᠠᠪᠯᠠᠯᠲᠠ ᠬᠠᠩᠭᠠᠨ᠎ᠠ᠃ |
Original Literature |
No Original Paper
|
出自 |
内蒙古社会科学(蒙文版)
2024年
第1期
|